ᠲᠦᠷᠪᠡᠨ ᠲᠠᠪᠠᠭᠤᠯᠢᠬ  ᠢᠶᠠᠨ ᠬᠤᠪᠢᠷᠠᠭᠤᠯᠬᠤ ᠶᠢ ᠪᠠᠷᠢᠮᠳᠠᠯᠠᠵᠤ ᠵᠢᠷᠭᠤᠭᠠᠨ ᠤᠠᠴᠠᠯᠢᠬᠳᠤ ᠲᠤᠭᠤᠷᠢᠬ  ᠢ ᠪᠦᠳᠦᠭᠡᠨ ᠪᠠᠶᠢᠭᠤᠯᠵᠤ ᠢᠦ᠋ᠢᠴᠢᠤᠸᠠᠨ ᠲᠤᠭᠤᠷᠢᠬ  ᠢ ᠨᠢᠭᠡ ᠲᠦᠪ ᠨᠢᠭᠡ ᠨᠡᠮᠡᠭᠳᠡᠯ ᠤᠨ ᠲᠦᠢᠯ ᠪᠤᠯᠭᠠᠨ ᠪᠠᠶᠢᠭᠤᠯᠬᠤ ᠪᠠᠷ ᠴᠢᠷᠮᠠᠶᠢᠨ᠎ᠠ
2017-12-22 15:08:49
ᠵᠣᠬᠢᠶᠠᠭᠴᠢ᠄ 
ᠵᠸᠡᠭ ᠰᠢᠤᠸᠡᠢ ᠯᠢᠶᠠᠩ
ᠣᠩᠰᠢᠭᠰᠠᠨ ᠣᠳᠠᠭ᠎ᠠ᠄ 
★★★☆☆

      — ᠬᠦᠭᠡᠬᠤᠳᠡ ᠶᠢᠨ ᠢᠦ᠋ᠢᠴᠢᠤᠸᠠᠨ ᠲᠤᠭᠤᠷᠢᠬ ᠤᠨ ᠨᠠᠮ ᠤᠨ ᠬᠤᠷᠢᠶ᠎ᠡ ᠶᠢᠨ ᠱᠦᠵᠢ ᠡᠤ ᠸᠧᠨ ᠮᠢᠩ ᠢ ᠰᠤᠷᠪᠤᠯᠵᠢᠯᠠᠬᠰᠠᠨ ᠨᠢ

     ︽ᠨᠠᠮ ᠤᠨ ᠠᠷᠪᠡ ᠶᠢᠰᠦᠳᠦᠭᠡᠷ ᠶᠡᠭᠡ ᠬᠤᠷᠠᠯ ᠤᠨ ᠵᠤᠷᠢᠬ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠵᠢᠴᠢ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ ᠎ᠡ ᠶᠢᠨ ᠠᠷᠪᠠᠳᠤᠭᠠᠷ ᠬᠤᠭᠤᠴᠠᠭᠠᠨ ᠤ ᠲᠦᠷᠪᠡᠳᠦᠭᠡᠷ ᠤᠳᠠᠭ᠎ᠠ ᠶᠢᠨ ᠪᠦᠬᠦᠳᠡ ᠬᠤᠷᠠᠯ ᠤᠨ ᠵᠤᠷᠢᠬ ᠰᠠᠨᠠᠭ᠎ᠠ ᠪᠤᠯᠤᠨ ᠬᠤᠳᠡ ᠶᠢᠨ ᠨᠠᠮ ᠤᠨ ᠬᠤᠷᠢᠶ ᠎ᠡ ᠶᠢᠨ ᠠᠷᠪᠠᠨ ᠬᠤᠶᠠᠳᠤᠭᠠᠷ ᠬᠤᠭᠤᠴᠠᠭᠠᠨ ᠤ ᠬᠤᠷᠢᠶ᠎ᠡ ᠶᠢᠨ ᠲᠦᠷᠪᠡᠳᠦᠭᠡᠷ ᠤᠳᠠᠭ᠎ᠠ ᠶᠢᠨ ᠪᠦᠬᠦᠳᠡ ᠭᠡᠰᠢᠬᠦᠳ ᠤᠨ ᠦᠷᠭᠡᠤᠡᠭᠡᠭᠰᠡᠨ ᠬᠤᠷᠠᠯ ᠤᠨ ᠵᠤᠷᠢᠬ ᠰᠠᠨᠠᠭ᠎ᠠ ᠶᠢ ᠨᠡᠩ ᠰᠠᠶᠢᠨ ᠰᠤᠷᠤᠯᠴᠠᠨ ᠤᠢᠢᠯᠠᠭᠠᠬᠤ᠂ ᠨᠡᠪᠳᠡᠷᠡᠳᠡᠯ᠎ᠡ ᠮᠡᠳᠡᠬᠦ᠂ ᠪᠤᠳᠠᠳᠠᠢ ᠨᠠᠶᠢᠳᠠᠪᠤᠷᠢᠵᠢᠭᠤᠯᠬᠤ ᠲᠡᠭᠡᠷ᠎ᠡ ᠬᠦᠴᠤ ᠤᠷᠤᠭᠤᠯᠤᠨ᠎ᠡ︾ ᠭᠡᠵᠤ ᠬᠦᠭᠡᠬᠤᠳᠡ ᠶᠢᠨ ᠢᠦ᠋ᠢᠴᠢᠤᠸᠠᠨ ᠲᠤᠭᠤᠷᠢᠬ ᠤᠨ ᠨᠠᠮ ᠤᠨ ᠬᠤᠷᠢᠶ᠎ᠡ ᠶᠢᠨ ᠱᠦᠵᠢ ᠡᠤ ᠸᠧᠨ ᠮᠢᠩ ᠰᠤᠷᠪᠤᠯᠵᠢᠯᠠᠭ᠎ᠠ ᠬᠦᠯᠢᠶᠡᠭᠦ ᠳᠡᠭᠡᠨ ᠢᠡᠭᠬᠢᠵᠤ ᠶᠠᠷᠢᠯ᠎ᠡ᠃
     ᠡᠤ ᠸᠧᠨ ᠮᠢᠩ ᠤᠨ ᠦᠵᠡᠬᠦ ᠪᠠᠷ᠂ ᠤᠷᠤᠨ ᠤ ᠲᠦᠪ ᠤᠨ ᠬᠠᠭᠤᠴᠢᠨ ᠲᠤᠭᠤᠷᠢᠬ ᠪᠤᠯᠤᠬᠰᠠᠨ ᠤ ᠬᠤᠪᠢ ᠳᠤ᠂ ᠬᠤᠷᠠᠯ ᠤᠨ ᠵᠤᠷᠢᠬ ᠰᠠᠨᠠᠭ᠎ᠠ ᠶᠢ ᠰᠠᠶᠢᠳᠤᠷ ᠲᠤᠤᠱᠯᠠᠭᠤᠯᠤᠨ ᠨᠠᠶᠢᠳᠠᠪᠤᠷᠢᠵᠢᠭᠤᠯᠬᠤ ᠳᠤ ᠤᠳᠤᠬᠠᠨ ᠤ ᠦᠷᠨᠢᠬᠦᠯᠵᠤ ᠪᠠᠶᠢᠭ᠎ᠠ ᠭᠤᠤᠯᠳᠠᠯᠭ᠎ᠠ ᠲᠠᠢ ᠠᠵᠢᠯ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠵᠢᠴᠢ ᠤᠷᠤᠨ ᠪᠦᠰᠨ ᠶᠢᠨ ᠢᠷᠡᠭᠡᠳᠤᠢ ᠶᠢᠨ ᠬᠦᠭᠵᠢᠯᠳᠡ ᠲᠠᠢ ᠬᠠᠷᠢᠯᠴᠠᠨ ᠤᠶᠠᠯᠳᠤᠭᠤᠯᠬᠤ ᠶᠢ ᠴᠢᠬᠤᠯᠠᠴᠢᠯᠠᠵᠤ᠂ ᠤᠷᠤᠨ ᠵᠠᠢ ᠶᠢᠨ ᠲᠠᠪᠠᠭᠤᠯᠢᠬ᠂ ᠠᠮᠢ ᠠᠬᠤᠢ ᠡᠬᠢ ᠪᠠᠶᠠᠯᠢᠬ ᠤᠨ ᠲᠠᠪᠠᠭᠤᠯᠢᠬ᠂ ᠵᠠᠮ ᠬᠠᠷᠢᠯᠴᠠᠭ᠎ᠠ ᠲᠦᠬᠦᠮ ᠪᠠᠶᠢᠬᠤ ᠲᠠᠪᠠᠭᠤᠯᠢᠬ᠂ ᠰᠤᠶᠤᠯ ᠵᠤᠭᠠᠴᠠᠯ ᠤᠨ ᠡᠬᠢ ᠪᠠᠶᠠᠯᠢᠬ ᠤᠨ ᠳᠠᠪᠠᠭᠤᠯᠢᠬ ᠢᠶᠠᠨ ᠬᠦᠢᠴᠡᠳ ᠪᠠᠳᠠᠷᠠᠭᠤᠯᠤᠨ᠎ᠡ᠂ ︽ᠬᠤᠶᠠᠷ ᠢ ᠠᠭᠤᠰᠤᠯᠴᠠᠭᠤᠯᠬᠤ︾᠎ ᠨᠢ ᠲᠠᠷᠤᠢ ᠬᠦᠭᠡᠬᠤᠳᠡ ᠪᠤᠭᠤᠳᠤ ᠤᠷᠳᠤᠰ ᠢ ᠬᠠᠮᠵᠢᠯᠴᠠᠭᠤᠯᠤᠨ ᠬᠦᠭᠵᠢᠬᠦᠯᠬᠦ ᠲᠦᠯᠦᠪᠵᠢᠭᠦᠯᠭᠡ ᠲᠠᠢ ᠰᠠᠨᠠᠭᠠᠴᠢᠯᠠᠭ᠎ᠠ ᠲᠠᠢ ᠪᠠᠷ ᠠᠭᠤᠰᠤᠯᠴᠠᠬᠤ᠂ ᠬᠤᠷᠢᠡᠭᠡᠷ ᠰᠢᠨ᠎ᠡ ᠲᠤᠭᠤᠷᠢᠬ ᠤᠨ ᠪᠦᠳᠦᠭᠡᠨ ᠪᠠᠶᠢᠭᠤᠯᠤᠯᠳᠡ ᠲᠠᠢ ᠰᠠᠨᠠᠭᠠᠴᠢᠯᠠᠭ᠎ᠠ ᠲᠠᠢ ᠪᠠᠷ ᠠᠭᠤᠰᠤᠯᠴᠠᠬᠤ ᠶᠢ ᠪᠠᠷᠢᠮᠳᠠᠯᠠᠵᠤ᠂ ︽ᠵᠢᠷᠭᠤᠭᠠᠨ ᠳᠤᠭᠤᠷᠢᠬ︾᠎ ᠢ ᠪᠦᠲᠦᠭᠡᠨ ᠪᠠᠶᠢᠭᠤᠯᠬᠤ ᠬᠡᠳᠡᠭ ᠨᠢ ᠲᠠᠷᠤᠢ᠂ ᠬᠠᠮᠤᠬ ᠠᠮᠢᠳᠤᠯᠢᠬ ᠠᠵᠤ ᠠᠬᠤᠢ ᠶᠢᠨ ᠬᠡᠯᠪᠡᠷᠢ ᠶᠢ ᠬᠤᠪᠢᠷᠠᠭᠤᠯᠬᠤ ᠲᠤᠭᠤᠷᠢᠬ᠂ ᠪᠤᠬᠢᠷᠳᠤᠯ ᠦᠭᠡᠢ ᠤᠷᠤᠰᠢᠨ ᠰᠠᠭᠤᠬᠤ ᠳᠤ ᠲᠠᠭᠠᠯᠠᠮᠵᠢᠳᠠᠢ ᠲᠤᠭᠤᠷᠢᠬ᠂ ᠲᠤᠭᠤᠷᠢᠨ ᠵᠤᠭᠠᠴᠠᠬᠤ ᠲᠠᠷᠢᠶᠠᠯᠠᠩ ᠤᠨ ᠵᠢᠱᠢᠶ᠎ᠡ ᠦᠵᠡᠬᠦᠯᠬᠦ ᠲᠤᠭᠤᠷᠢᠬ᠂ ᠠᠷᠠᠯᠵᠢᠶ᠎ᠡ ᠪᠤᠳᠠᠰ ᠤᠨ ᠬᠦᠢᠯᠭᠡᠭᠡᠨ ᠤ ᠲᠦᠪᠯᠡᠷᠡᠯ ᠤᠨ ᠲᠤᠭᠤᠷᠢᠬ᠂ ᠰᠤᠶᠤᠯ ᠵᠤᠭᠠᠴᠠᠯ ᠤᠨ ᠭᠤᠤᠯᠯᠠᠬᠴᠢ ᠲᠤᠭᠤᠷᠢᠬ᠂ ᠪᠤᠯᠪᠠᠰᠤᠨ ᠡᠶ᠎ᠡ ᠵᠤᠬᠢᠴᠠᠩᠭᠤᠢ ᠲᠤᠭᠤᠷᠢᠬ ᠢ ᠪᠠᠶᠢᠭᠤᠯᠤᠨ᠎ᠡ᠂ ︽ᠨᠢᠭᠡ ᠲᠦᠪ ᠨᠢᠭᠡ ᠨᠡᠮᠡᠭᠳᠡᠯ ᠤᠨ ᠲᠦᠢᠯ︾ ᠬᠡᠳᠡᠭ ᠨᠢ ᠲᠠᠷᠤᠢ᠂ ᠤᠷᠤᠨ ᠤ ᠲᠦᠪ ᠬᠤᠳᠡ ᠶᠢᠨ ᠪᠠᠷᠠᠭᠤᠨ ᠡᠮᠤᠨᠠᠬᠢ ᠲᠦᠪ ᠲᠤᠭᠤᠷᠢᠬ ᠪᠤᠯᠤᠨ ᠰᠤᠶᠤᠯ ᠵᠤᠭᠠᠴᠠᠯ ᠤᠨ ᠠᠵᠤ ᠦᠢᠯᠡᠰ ᠤᠨ ᠬᠦᠭᠵᠢᠯᠳᠡ ᠶᠢᠨ ᠰᠢᠨ᠎ᠡ ᠴᠢᠬᠤᠯᠨ ᠨᠡᠮᠡᠭᠳᠡᠯ ᠤᠨ ᠲᠦᠢᠯ ᠢ ᠱᠤᠭᠤᠵᠦ᠂ ᠨᠡᠩ ᠦᠡᠳᠤᠷ ᠲᠦᠪᠰᠢᠨ ᠤ ᠴᠢᠨᠡᠭᠡᠯᠢᠭ ᠨᠡᠶᠢᠭᠡᠮ ᠢ ᠪᠦᠬᠦ ᠲᠠᠯ᠎ᠡ ᠪᠠᠷ ᠪᠡᠶᠡᠯᠡᠭᠦᠯᠦᠨ᠎ᠡ᠃
     ᠡᠤ ᠸᠧᠨ ᠮᠢᠩ᠂ ᠰᠢᠨ᠎ᠡ ᠲᠠᠪᠠᠭᠤᠯᠢᠬ ᠢᠶᠠᠨ ᠪᠠᠳᠠᠷᠠᠭᠤᠯᠵᠤ᠂ ᠰᠢᠨ᠎ᠡ ᠬᠦᠭᠵᠢᠯᠳᠡ ᠶᠢ ᠠᠬᠢᠭᠤᠯᠬᠤ ᠳᠤ᠂ ᠢᠦ᠋ᠢᠴᠢᠤᠸᠠᠨ ᠲᠤᠭᠤᠷᠢᠬ ᠨᠠᠮ ᠤᠨ ᠠᠷᠪᠡ ᠶᠢᠰᠦᠳᠦᠭᠡᠷ ᠶᠡᠭᠡ ᠬᠤᠷᠠᠯ ᠠᠴᠠ ᠲᠤᠷᠠᠳᠤᠨ ᠭᠠᠷᠭᠠᠬᠰᠠᠨ ᠰᠢᠷᠢᠰ ᠰᠢᠨ᠎ᠡ ᠪᠤᠳᠤᠯᠭ᠎ᠠ᠂ ᠰᠢᠨ᠎ᠡ ᠱᠠᠭᠠᠷᠳᠠᠯᠭ᠎ᠠ ᠶᠢ ᠪᠠᠳᠤ ᠡᠵᠡᠮᠰᠢᠵᠤ᠂ ᠬᠦᠭᠵᠢᠯᠳᠡ ᠶᠢᠨ ᠶᠠᠰᠤ ᠴᠢᠨᠠᠷ ᠪᠤᠯᠤᠨ ᠦᠷ ᠎ᠡ ᠠᠰᠢᠬ ᠢ ᠨᠡᠩ ᠴᠢᠬᠤᠯᠠᠴᠢᠯᠠᠨ᠂ ᠤᠷᠴᠢᠨ ᠲᠤᠭᠤᠷᠢᠨ ᠪᠡ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠶᠢ ᠨᠡᠩ ᠴᠢᠬᠤᠯᠠᠴᠢᠯᠠᠵᠤ᠂ ᠦᠪᠡᠷᠳᠡᠭᠡᠨ ᠵᠠᠰᠠᠬᠤ ᠤᠷᠤᠨ᠂ ᠤᠷᠤᠨ ᠤ ᠲᠦᠪ ᠤᠨ ᠬᠦᠭᠵᠢᠯᠳᠡ ᠶᠢᠨ ᠤᠷᠴᠢᠨ ᠲᠤᠭᠤᠷᠢᠨ ᠳᠤ ᠨᠡᠩ ᠢᠳᠡᠪᠬᠢᠳᠡᠢ ᠰᠠᠨᠠᠭᠠᠴᠢᠯᠠᠭ᠎ᠠ ᠲᠠᠢ ᠪᠠᠷ ᠠᠭᠤᠰᠤᠨ᠂ ᠦᠵᠡᠯ ᠰᠠᠨᠠᠭ᠎ᠠ ᠪᠤᠯᠤᠨ ᠦᠢᠯᠨ ᠠᠵᠢᠯᠯᠠᠭ᠎ᠠ ᠪᠠᠨ ᠨᠠᠮ ᠤᠨ ᠠᠷᠪᠡ ᠶᠢᠰᠦᠳᠦᠭᠡᠷ ᠶᠡᠭᠡ ᠬᠤᠷᠠᠯ ᠤᠨ ᠵᠤᠷᠢᠬ ᠰᠠᠨᠠᠭ᠎ᠠ ᠲᠡᠭᠡᠷ᠎ᠡ ᠲᠡᠭᠡᠳᠤ ᠭᠡᠮᠵᠢᠶ᠎ᠡ ᠪᠠᠷ ᠨᠢᠭᠡᠳᠦᠬᠦᠯᠬᠦ ᠶᠢ ᠤᠬᠠᠮᠰᠠᠷ ᠠᠴᠠ ᠪᠠᠨ ᠡᠷᠡᠰ ᠪᠠᠷᠢᠮᠳᠠᠯᠠᠨ᠎ᠠ ᠭᠡᠵᠦ ᠬᠡᠯᠡᠪᠡ᠃
     ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠡ᠂ ᠬᠦᠭᠡᠬᠤᠳᠡ ᠶᠢᠨ ᠨᠠᠮ ᠤᠨ ᠬᠤᠷᠢᠶ᠎ᠡ ᠶᠢᠨ ᠰᠢᠢᠤᠡᠪᠤᠷᠢᠳᠤ ᠪᠤᠳᠤᠯᠭ᠎ᠠ ᠪᠠᠶᠢᠷᠢᠯᠠᠭᠤᠯᠤᠯᠳᠡ ᠶᠤᠰᠤᠭᠠᠷ᠂ ᠰᠢᠨ᠎ᠡ ᠶᠢ ᠡᠬᠦᠤᠡᠬᠦ ᠬᠦᠳᠡᠯᠭᠡᠬᠦ ᠬᠦᠴᠤᠨ ᠢ ᠪᠠᠷᠢᠮᠳᠠᠯᠠᠵᠤ᠂ ᠬᠦᠭᠡᠬᠤᠳᠡ ᠪᠤᠭᠤᠳᠤ ᠤᠷᠳᠤᠰ ᠢ ᠬᠠᠮᠵᠢᠯᠴᠠᠭᠤᠯᠤᠨ ᠬᠦᠭᠵᠢᠬᠦᠯᠬᠦ ᠲᠦᠯᠦᠪᠵᠢᠭᠦᠯᠭᠡ ᠲᠠᠢ ᠰᠠᠨᠠᠭᠠᠴᠢᠯᠠᠭ᠎ᠠ ᠲᠠᠢ ᠠᠭᠤᠰᠤᠨ᠂ ᠬᠤᠷᠢᠡᠭᠡᠷ ᠰᠢᠨ᠎ᠡ ᠲᠤᠭᠤᠷᠢᠬ ᠤᠨ ᠪᠦᠳᠦᠭᠡᠨ ᠪᠠᠶᠢᠭᠤᠯᠤᠯᠳᠡ ᠶᠢᠨ ᠲᠦᠯᠦᠪᠵᠢᠭᠦᠯᠭᠡ ᠲᠠᠢ ᠢᠳᠡᠪᠬᠢᠳᠡᠢ ᠵᠤᠯᠭᠠᠵᠦ᠂ ᠢᠦ᠋ᠢᠴᠢᠤᠸᠠᠨ ᠲᠤᠮᠤ ᠠᠰᠠᠷ ᠤᠨ ᠲᠠᠪᠴᠡᠩ ᠢ ᠠᠰᠢᠬᠯᠠᠨ ᠲᠤᠮᠤ ᠳ᠋ᠠᠶᠢᠲᠨ ᠶᠢᠨ ᠬᠦᠮᠦᠷᠭᠡ᠂ ᠡᠬᠦᠯᠡᠨ ᠪᠤᠳᠤᠯᠳᠡ᠂ ᠡᠯᠧᠺᠲᠷᠤᠨ ᠬᠤᠳᠠᠯᠳᠤᠭ᠎ᠠ ᠵᠡᠷᠭᠡ ᠰᠢᠨ᠎ᠡ ᠪᠠᠷ ᠮᠠᠠᠳᠤᠬᠰᠠᠨ ᠠᠵᠤ ᠦᠢᠯᠡᠰ ᠢ ᠠᠬᠢᠭᠤᠯᠵᠤ᠂ ᠲᠡᠭᠡᠳᠤ ᠰᠢᠨ᠎ᠡ ᠮᠡᠷᠭᠡᠵᠢᠯ ᠤᠨ ᠠᠵᠤ ᠦᠢᠯᠡᠰ᠂ ᠤᠳᠤᠬᠢᠴᠢᠯᠠᠬᠰᠠᠨ ᠦᠢᠯᠡᠴᠢᠯᠡᠭᠡᠨ ᠤ ᠦᠢᠯᠡᠰ᠂ ᠰᠤᠶᠤᠯ ᠵᠤᠭᠠᠴᠠᠯ ᠤᠨ ᠠᠵᠤ ᠦᠢᠯᠡᠰ ᠢᠶᠠᠷ ᠬᠦᠭᠵᠢᠯᠳᠡ ᠶᠢ ᠲᠦᠷᠭᠡᠤᠡᠭᠡᠬᠦ ᠭᠤᠤᠯ ᠵᠢᠬᠦᠷ ᠪᠤᠯᠭᠠᠵᠤ᠂ ᠬᠠᠮᠤᠬ ᠤᠨ ᠠᠮᠢᠵᠢᠷᠠᠯ ᠤᠨ ᠬᠦᠴᠤᠨ ᠲᠠᠢ ᠠᠵᠤ ᠠᠬᠤᠢ ᠶᠢᠨ ᠬᠡᠯᠪᠡᠷᠢ ᠶᠢ ᠬᠤᠪᠢᠷᠠᠭᠤᠯᠬᠤ ᠲᠤᠭᠤᠷᠢᠬ ᠢ ᠪᠦᠳᠦᠭᠡᠨ ᠪᠠᠶᠢᠭᠤᠯᠤᠨ᠎ᠠ᠃ ᠡᠷᠭᠡᠪᠰᠢ ᠬᠤᠳᠡ ᠬᠦᠳᠡᠭᠡ ᠶᠢ ᠨᠢᠭᠡ ᠴᠤᠬᠴᠠᠵᠢᠭᠤᠯᠬᠤ ᠶᠢ ᠪᠠᠷᠢᠮᠳᠠᠯᠠᠵᠤ᠂ ᠭᠤᠷᠪᠠᠳᠤᠭᠠᠷ ᠲᠤᠭᠤᠷᠢᠯ ᠵᠠᠮ ᠲᠠᠭᠠᠤ ᠲᠠᠳᠠᠪᠤᠷᠢᠯᠠᠵᠤ ᠨᠤᠷᠠᠭᠠᠬᠤ ᠠᠵᠢᠯ ᠢ   ᠲᠦᠷᠭᠡᠤᠭᠡᠵᠤ᠂      ︽ᠲᠦᠷᠪᠡᠨ   ᠭᠤᠤᠯ ᠲᠦᠷᠪᠡᠨ ᠱᠤᠭᠤᠮ︾ ︵ᠵᠠᠳᠠᠭᠠᠢ ᠭᠤᠤᠯ᠂ ᠶᠡᠭᠡ ᠲᠦᠷᠭᠡᠨ ᠭᠤᠤᠯ᠂ ᠪᠠᠭ᠎ᠠ ᠲᠦᠷᠭᠡᠨ ᠭᠤᠤᠯ᠂ ᠤᠰᠤᠳᠤ ᠭᠤᠤᠯ︔ ᠵᠤᠤ ᠵᠢᠶᠦ᠋ᠨ ᠲᠦᠷᠭᠡᠨ ᠤ ᠵᠠᠮ᠂ ᠪᠠᠶᠠᠨ ᠨᠠᠭᠤᠷ ᠲᠦᠷᠭᠡᠨ ᠤ ᠵᠠᠮ ᠤᠨ ᠶᠦᠨ ᠵᠦᠡᠭ ᠵᠠᠮ ᠤᠨ ᠭᠡᠰᠡᠭ᠂ ᠭᠤᠷᠪᠠᠳᠤᠭᠠᠷ ᠲᠤᠭᠤᠷᠢᠯ ᠲᠦᠷᠭᠡᠨ ᠤ ᠵᠠᠮ᠂ 103 ᠮᠤᠵᠢ ᠶᠢᠨ ᠲᠡᠰ ᠤᠨ ᠵᠠᠮ︶ ᠰᠢᠨ᠎ᠡ ᠲᠤᠭᠤᠷᠢᠬ ᠤᠨ ᠲᠦᠢᠮᠤ ᠪᠠᠶᠢᠳᠠᠯ ᠢ ᠪᠦᠷᠢᠯᠳᠦᠬᠦᠯᠵᠤ᠂ ᠨᠢᠭᠡ ᠪᠦᠯᠦᠭ ᠬᠤᠳᠡ ᠶᠢᠨ ᠶᠡᠷᠤᠩᠭᠡᠶᠢᠯᠡᠭᠰᠡᠨ ᠴᠤᠬᠴᠨ᠂ ᠰᠢᠨ᠎ᠡ ᠶᠢ ᠡᠭᠦᠳᠴᠦ ᠦᠢᠯᠡᠰ ᠪᠤᠰᠬᠠᠬᠤ ᠵᠡᠷᠭᠡ ᠴᠢᠬᠤᠯᠨ ᠶᠡᠭᠡ ᠲᠦᠷᠦᠯ ᠵᠦᠢᠯ ᠢ ᠤᠷᠤᠭᠤᠯᠤᠨ᠂ ᠪᠤᠬᠢᠷᠳᠤᠯ ᠦᠭᠡᠢ ᠤᠷᠤᠰᠢᠨ ᠰᠠᠭᠤᠬᠤ ᠳᠤ ᠲᠠᠭᠠᠯᠠᠮᠵᠢᠳᠠᠢ ᠲᠤᠭᠤᠷᠢᠬ ᠢ ᠪᠦᠳᠦᠭᠡᠨ ᠪᠠᠶᠢᠭᠤᠯᠤᠨ᠎ᠠ᠃ ᠡᠷᠭᠡᠪᠰᠢ ᠬᠦᠳᠡᠭᠡ ᠲᠤᠰᠬᠤᠨ ᠢ ᠬᠦᠭᠵᠢᠬᠦᠯᠦᠨ ᠮᠠᠠᠳᠤᠭᠤᠯᠬᠤ ᠶᠢ ᠪᠠᠷᠢᠮᠳᠠᠯᠠᠵᠤ᠂ ᠲᠤᠭᠤᠷᠢᠨ ᠰᠤᠨᠢᠷᠬᠠᠬᠤ ᠭᠡᠯᠪᠡᠷᠢ ᠶᠢᠨ᠂ ᠤᠶᠤᠡᠴᠢ ᠭᠡᠯᠪᠡᠷᠢ ᠶᠢᠨ᠂ ᠵᠤᠭᠠᠴᠠᠯ ᠤᠨ ᠭᠡᠯᠪᠡᠷᠢ ᠶᠢᠨ ᠵᠤᠭ᠎ᠠ ᠰᠡᠯᠡᠬᠦᠴᠡᠯ ᠤᠨ ᠲᠡᠷᠢᠶᠠᠯᠠᠩ ᠪᠤᠯᠤᠨ ᠲᠦᠬᠦᠭᠡᠷᠤᠮᠵᠢᠳᠤ ᠢᠳᠡᠰᠢᠨ ᠨᠤᠭᠤᠭ᠎ᠠ᠂ ᠤᠠᠴᠠᠯᠢᠬᠳᠤ ᠵᠢᠮᠢᠰ ᠤᠨ ᠤᠢ ᠵᠡᠷᠭᠡ ᠤᠠᠴᠠᠯᠢᠬᠳᠤ ᠲᠠᠷᠢᠶᠠᠯᠠᠩ ᠢ ᠶᠡᠭᠡᠪᠡᠷ ᠬᠦᠭᠵᠢᠬᠦᠯᠵᠤ᠂ ᠬᠤᠳᠡ ᠶᠢᠨ ᠲᠤᠭᠤᠷᠢᠨ ᠵᠤᠭᠠᠴᠠᠬᠤ ᠲᠠᠷᠢᠶᠠᠯᠠᠩ ᠤᠨ ᠵᠢᠱᠢᠶ᠎ᠡ ᠦᠵᠡᠬᠦᠯᠬᠦ ᠲᠤᠭᠤᠷᠢᠬ ᠢ ᠪᠠᠶᠢᠭᠤᠯᠤᠨ᠎ᠠ᠃ ᠡᠷᠭᠡᠪᠰᠢ ᠰᠢᠨ᠎ᠡ ᠶᠢ ᠡᠭᠦᠳᠴᠦ ᠦᠢᠯᠡᠰ ᠪᠤᠰᠬᠠᠬᠤ ᠬᠦᠳᠡᠯᠭᠡᠬᠦᠷ ᠢ ᠪᠠᠷᠢᠮᠳᠠᠯᠠᠵᠤ᠂ ᠰᠢᠯᠢᠨ ᠡᠮᠤᠨ᠎ᠡ ᠵᠠᠮ ᠲᠠᠭᠠᠤ ᠤᠳᠤᠬᠢᠴᠢᠯᠠᠬᠰᠠᠨ ᠬᠤᠳᠠᠯᠳᠤᠭ᠎ᠠ ᠶᠢᠨ ᠶᠠᠪᠤᠳᠠᠯ ᠤᠨ ᠰᠢᠨ᠎ᠡ ᠡᠵᠡᠩᠨᠡᠯᠲᠡ ᠶᠢᠨ ᠬᠡᠯᠪᠡᠷᠢ ᠶᠢᠨ ᠬᠤᠳᠠᠯᠳᠤᠭ᠎ᠠ ᠶᠢᠨ ᠭᠠᠵᠠᠷ ᠢ ᠪᠠᠶᠢᠭᠤᠯᠤᠨ᠎ᠠ᠃ ᠪᠠᠷᠠᠭ᠎ᠠ ᠲᠡᠭᠡᠭᠡᠪᠤᠷᠢᠯᠡᠬᠦ ᠲᠡᠮᠤᠷ ᠵᠠᠮ᠂ ᠬᠤᠶᠠᠳᠤᠭᠠᠷ ᠲᠤᠭᠤᠷᠢᠯ ᠲᠦᠷᠭᠡᠨ ᠤ ᠵᠠᠮ᠂ 209 ᠤᠯᠤᠰ ᠤᠨ ᠵᠠᠮ᠂ ᠭᠤᠷᠪᠠᠳᠤᠭᠠᠷ ᠲᠤᠭᠤᠷᠢᠯ ᠲᠦᠷᠭᠡᠨ ᠤ ᠵᠠᠮ ᠳᠤ ᠲᠦᠰᠢᠭᠯᠡᠨ᠂ ᠪᠤᠳᠠᠰ ᠤᠨ ᠬᠦᠢᠯᠭᠡᠭᠡᠨ ᠤ ᠬᠦᠷᠢᠶᠡᠯᠠᠩ ᠤᠨ ᠪᠦᠳᠦᠭᠡᠨ ᠪᠠᠶᠢᠭᠤᠯᠤᠯᠳᠡ ᠶᠢ ᠠᠬᠢᠭᠤᠯᠤᠨ᠎ᠠ᠂ ᠤᠷᠤᠨ ᠤ ᠲᠦᠪ ᠤᠨ ᠡᠮᠤᠨ᠎ᠡ ᠭᠡᠰᠡᠭ   ᠎ ᠤᠨ    ᠤᠳᠤᠬᠢᠴᠢᠯᠠᠬᠰᠠᠨ ᠦᠢᠯᠡᠴᠢᠯᠡᠭᠡᠨ ᠤ ᠦᠢᠯᠡᠰ ᠲᠦᠪᠯᠡᠷᠡᠭᠰᠡᠨ ᠲᠤᠭᠤᠷᠢᠬ ᠢ ᠪᠠᠶᠢᠭᠤᠯᠤᠨ᠎ᠠ᠃ ᠡᠷᠭᠡᠪᠰᠢ ᠰᠤᠶᠤᠯ ᠢᠶᠠᠷ ᠲᠠᠶᠢᠴᠢᠯᠠᠬᠤ ᠶᠢ ᠪᠠᠷᠢᠮᠳᠠᠯᠠᠵᠤ᠂ ᠰᠤᠶᠤᠯ ᠵᠤᠭᠠᠴᠠᠯ ᠢ ᠠᠭᠤᠰᠤᠯᠴᠠᠭᠤᠯᠤᠨ ᠬᠦᠭᠵᠢᠬᠦᠯᠵᠤ᠂ ︽ᠨᠢᠭᠡ ᠠᠮᠢ ᠠᠬᠤᠢ ᠰᠤᠶᠤᠯ ᠤᠨ ᠲᠦᠪ᠂ ᠬᠤᠶᠠᠷ ᠲᠤᠮᠤ ᠵᠤᠭᠠᠴᠠᠯ ᠤᠨ ᠲᠤᠯᠭᠠᠭᠤᠷᠢᠯᠠᠬᠤ ᠰᠢᠰᠲ᠋ᠧᠮ᠂ ᠭᠤᠷᠪᠠᠨ ᠠᠵᠤ ᠦᠢᠯᠠᠰ ᠤᠨ ᠨᠡᠮᠡᠭᠳᠡᠯ ᠤᠨ ᠲᠦᠢᠯ᠂ ᠲᠦᠷᠪᠡᠨ ᠦᠵᠡᠮᠵᠢ ᠶᠢᠨ ᠬᠤᠨᠭ᠍ᠬᠢᠯ︾᠎ ᠲᠠᠢ ᠪᠦᠬᠦ ᠤᠷᠤᠨ ᠪᠦᠰᠨ ᠶᠢᠨ ᠵᠤᠭᠠᠴᠠᠯ ᠤᠨ ᠤᠷᠤᠨ ᠵᠠᠢ ᠶᠢᠨ ᠪᠠᠶᠢᠷᠢᠰᠢᠯ ᠢ ᠪᠦᠷᠢᠯᠳᠦᠬᠦᠯᠵᠤ᠂ ᠰᠤᠶᠤᠯ ᠵᠤᠭᠠᠴᠠᠯ ᠤᠨ ᠠᠵᠤ ᠦᠢᠯᠡᠰ ᠤᠨ ᠭᠤᠷᠪᠡᠳᠤᠭᠠᠷ ᠠᠵᠤ ᠦᠢᠯᠡᠰ ᠲᠠᠬᠢ ᠡᠵᠡᠯᠡᠬᠦ ᠬᠤᠪᠢ ᠶᠢᠨ ᠵᠢᠩ ᠢ ᠵᠢᠯ ᠠᠴᠠ ᠵᠢᠯ ᠲᠡᠭᠡᠭᠰᠢᠯᠡᠬᠦᠯᠬᠦ ᠶᠢ ᠠᠬᠢᠭᠤᠯᠤᠨ᠂ ᠤᠷᠤᠨ ᠤ ᠲᠦᠪ ᠤᠨ ᠰᠤᠶᠤᠯ ᠵᠤᠭᠠᠴᠠᠯ ᠤᠨ ᠠᠵᠤ ᠦᠢᠯᠡᠰ ᠤᠨ ᠬᠦᠭᠵᠢᠯᠳᠡ ᠶᠢᠨ ᠰᠢᠨ᠎ᠡ ᠴᠢᠬᠤᠯᠨ ᠨᠡᠮᠡᠭᠳᠡᠯ ᠤᠨ ᠲᠦᠢᠯ ᠢ ᠪᠤᠶᠢᠵᠢᠭᠤᠯᠤᠨ᠎ᠠ᠃ ᠡᠷᠭᠡᠪᠰᠢ ᠠᠷᠠᠳ ᠤᠨ ᠠᠮᠢᠳᠤᠷᠠᠯ ᠢ ᠲᠡᠷᠢᠬᠦᠨ ᠪᠠᠶᠢᠷᠢᠨ ᠳᠤ ᠲᠠᠯᠪᠢᠬᠤ ᠶᠢ ᠪᠠᠷᠢᠮᠳᠠᠯᠠᠵᠤ᠂ ᠬᠦᠴᠢᠷᠳᠡᠯᠳᠡᠢ ᠤᠯᠠᠨ ᠲᠦᠮᠡᠨ ᠢ ᠠᠪᠤᠷᠠᠨ ᠲᠤᠰᠠᠯᠠᠬᠤ ᠪᠠᠨ ᠴᠢᠨᠠᠬᠰᠢᠳᠠ ᠴᠢᠩᠭᠠᠤᠠᠬᠠᠵᠤ᠂ ᠲᠠᠩᠰᠨ ᠡᠪᠭᠡᠮᠡᠯ ᠪᠠᠶᠢᠭᠤᠯᠤᠨ ᠺᠠᠷᠲ ᠵᠤᠬᠢᠶᠠᠬᠰᠠᠨ ᠶᠠᠳᠠᠭᠤ ᠬᠦᠴᠢᠷᠳᠡᠯᠳᠡᠢ ᠬᠦᠮᠤᠨ ᠠᠮᠨ ᠶᠢ ᠪᠦᠬᠦᠨ ᠢ ᠶᠠᠳᠠᠭᠤ ᠠᠴᠠ ᠠᠩᠬᠢᠵᠢᠷᠠᠭᠤᠯᠬᠤ ᠶᠢ ᠪᠠᠳᠤᠯᠠᠨ᠎ᠠ᠃ ᠡᠯ᠎ᠡ ᠵᠦᠢᠯ ᠤᠨ ᠨᠡᠶᠢᠭᠡᠮ ᠤᠨ ᠦᠢᠯᠡᠰ ᠢ ᠨᠡᠶᠢᠳᠭᠡᠵᠤ᠂ ᠵᠢᠯ ᠪᠦᠷᠢ ᠤᠯᠠᠨ ᠲᠦᠮᠡᠨ ᠳᠤ ᠨᠢᠭᠡ ᠪᠦᠯᠦᠭ ᠪᠤᠳᠠᠳᠤ ᠶᠠᠪᠤᠳᠠᠯ ᠬᠢᠵᠤ ᠦᠭᠬᠦ ᠶᠢ ᠪᠠᠷᠢᠮᠳᠠᠯᠠᠵᠤ᠂ ᠤᠯᠠᠨ ᠲᠦᠮᠡᠨ ᠤ ᠬᠦᠷᠲᠡᠮᠵᠢ ᠶᠢᠨ ᠲᠦᠷᠦᠭᠳᠡᠯ᠂ ᠵᠤᠯ ᠵᠢᠷᠭᠠᠯ ᠤᠨ ᠲᠦᠷᠦᠭᠳᠡᠯ᠂ ᠠᠮᠤᠷ ᠲᠦᠪᠰᠢᠨ ᠤ ᠲᠦᠷᠦᠭᠳᠡᠯ ᠢ ᠨᠡᠮᠡᠭᠳᠡᠭᠦᠯᠵᠦ᠂ ᠤᠷᠤᠨ ᠤ ᠲᠦᠪ ᠬᠤᠲᠠ ᠶᠢᠨ ᠪᠤᠯᠪᠠᠰᠤᠨ ᠡᠶ᠎ᠡ ᠵᠤᠬᠢᠴᠡᠩᠭᠤᠢ ᠲᠤᠭᠤᠷᠢᠬ ᠢ ᠪᠦᠳᠦᠭᠡᠨ ᠪᠠᠶᠢᠭᠤᠯᠤᠨ᠎ᠠ ᠭᠡᠵᠦ ᠶᠡᠷᠢᠪᠠ᠃

ᠣᠷᠴᠢᠭᠤᠯᠤᠭᠴᠢ᠄
ᠨᠠᠶᠢᠷᠠᠭᠤᠯᠤᠭᠴᠢ᠄ ᠠᠭᠤᠯᠠ
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ

2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ

ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄ 0471-6659832

ᠢᠮᠧᠯ᠄ tn@mgyxw.net   蒙ICP备10000005号