20 ᠵᠢᠯ ︽ᠰᠢᠯᠵᠢᠯᠳᠠ ᠶᠢᠨ ᠰᠦᠷᠦᠭ︾ ᠲᠠᠯᠪᠢᠵᠤ ᠶᠠᠳᠠᠭᠤ ᠶᠢ ᠳᠡᠳᠭᠦᠭᠰᠡᠨ ᠢᠶᠠᠷ ᠬᠤᠯᠤᠰᠤᠳᠠᠢ ᠭᠠᠴᠠᠭ᠎ᠠ ᠶᠠᠳᠠᠭᠤ ᠬᠦ᠋ᠴᠢᠷᠳᠡᠯᠳᠠᠢ ᠮᠠᠯᠴᠢᠳ ᠲᠤ 2000 ᠭᠠᠷᠤᠢ ᠲᠦᠮᠡᠨ ᠲᠦᠭᠦᠷᠢᠭ ᠤᠨ ᠠᠰᠢᠭ ᠬᠦᠷᠲᠡᠭᠡᠵᠡᠢ
2018-05-28 10:32:40
ᠵᠣᠬᠢᠶᠠᠭᠴᠢ᠄ 
ᠤᠶᠤᠨᠪᠠᠳᠤ ᠭᠤᠸ᠎ᠠ ᠰᠢᠯᠢᠨᠬᠡᠷᠡᠯ
ᠣᠩᠰᠢᠭᠰᠠᠨ ᠣᠳᠠᠭ᠎ᠠ᠄ 
★★★☆☆
      ᠬᠤᠨ ᠭᠠᠯᠠᠭᠤᠨ ᠤ ᠨᠤᠳᠤᠭ ᠬᠡᠮᠡᠭᠳᠡᠭᠰᠡᠨ ᠬᠤᠯᠤᠰᠤᠳᠠᠢ ᠨᠠᠭᠤᠷ ᠤᠨ ᠬᠦᠪᠡᠭᠡᠨ ᠳᠠᠬᠢ ᠤᠷᠠᠳ ᠤᠨ ᠮᠠᠯᠴᠢᠳ ︽ᠰᠢᠯᠵᠢᠯᠳᠠ ᠶᠢᠨ ᠰᠦᠷᠦᠭ︾ ᠠᠴᠠ ᠠᠰᠢᠭ ᠬᠦᠷᠳᠡᠨ᠂ ᠴᠢᠨᠡᠭᠡᠯᠢᠭ ᠠᠮᠢᠳᠤᠷᠠᠯ ᠤᠨ ᠠᠶᠠᠨ ᠤ ᠵᠢᠯᠤᠭᠤ ᠪᠠᠨ ᠰᠤᠩᠭᠠᠵᠤ᠂ ᠵᠤᠯ ᠵᠢᠷᠭᠠᠯᠳᠠᠢ ᠠᠵᠤ ᠲᠦᠷᠦᠵᠤ ᠪᠠᠶᠢᠨ᠎ᠠ᠃ 5 ᠰᠠᠷ᠎ᠠ ᠶᠢᠨ 22 ᠤᠨ ᠡᠳᠦᠷ᠂ ᠰᠤᠷᠪᠤᠯᠵᠢᠯᠠᠭᠴᠢ ᠪᠠᠶᠠᠨᠨᠠᠭᠤᠷ ᠬᠤᠳᠠ ᠶᠢᠨ ᠤᠷᠠᠳ ᠤᠨ ᠳᠤᠮᠳᠠᠳᠤ ᠬᠤᠰᠢᠭᠤᠨ ᠤ ᠬᠤᠯᠤᠰᠤᠳᠠᠢ ᠰᠤᠮᠤᠨ ᠤ ᠮᠠᠯᠴᠢᠨ ᠠᠶᠢᠯ ᠤᠳ ᠢᠶᠠᠷ ᠬᠦᠨᠵᠡᠭᠡᠶᠢᠷᠡᠨ ᠰᠤᠷᠪᠤᠯᠵᠢᠯᠠᠬᠤ ᠳᠠᠭᠠᠨ ᠤᠢᠢᠯᠠᠭᠠᠭᠰᠠᠨ ᠢᠶᠠᠷ᠂ ︽ᠭᠤᠷᠪᠠ ᠶᠢ ᠳᠠᠳᠠᠪᠤᠷᠢᠯᠠᠵᠤ ᠳᠠᠪᠤ ᠶᠢ ᠨᠢᠭᠡᠳᠦᠯᠵᠢᠭᠦᠯᠬᠦ︾ ᠦᠶ᠎ᠠ ᠳᠤ ᠬᠤᠯᠤᠰᠤᠳᠠᠢ ᠭᠠᠴᠠᠭ᠎ᠠ 500 ᠨᠡᠶᠢᠳᠡ ᠶᠢᠨ ᠢᠮᠠᠭ᠎ᠠ ᠲᠠᠢ ᠪᠤᠯᠤᠬᠰᠠᠨ ᠪᠦᠭᠡᠳ ᠡᠨᠡ ᠢᠮᠠᠭᠠᠨ ᠰᠦᠷᠦᠭ ᠢᠶᠠᠨ ᠶᠠᠳᠠᠭᠤ ᠶᠢ ᠲᠡᠳᠬᠦᠬᠦ ︽ᠰᠢᠯᠵᠢᠯᠳᠠ ᠶᠢᠨ ᠰᠦᠷᠦᠭ︾ ᠪᠤᠯᠭᠠᠬᠰᠠᠨ ᠢᠶᠠᠷ᠂ ᠤᠳᠤᠬᠠᠨ ᠪᠤᠯᠳᠠᠯ᠎ᠠ ᠲᠤᠰ ᠭᠠᠴᠠᠭᠠᠨ ᠤ ᠠᠮᠢᠳᠤᠷᠠᠯ ᠬᠦ᠋ᠴᠢᠷᠳᠡᠯᠳᠠᠢ ᠮᠠᠯᠴᠢᠳ ᠲᠤ 2000 ᠭᠠᠷᠤᠢ ᠲᠦᠮᠡᠨ ᠲᠦᠭᠦᠷᠢᠭ ᠤᠨ ᠠᠰᠢᠭ ᠬᠦᠷᠳᠡᠭᠡᠵᠡᠢ᠃      ᠬᠤᠯᠤᠰᠤᠳᠠᠢ ᠭᠠᠴᠠᠭᠠᠨ ᠤ ᠳᠤᠭᠳᠠᠭᠠᠯ ᠢᠶᠠᠷ ᠪᠤᠯ᠂ ᠰᠢᠯᠵᠢᠯᠳᠠ ᠶᠢᠨ ᠰᠦᠷᠦᠭ ᠢ ᠳᠠᠭᠠᠭᠠᠴᠢᠯᠠᠬᠤ ᠳᠤ ᠬᠤᠪᠢ ᠡᠷᠦᠭᠡ ᠠᠴᠠ ᠭᠤᠶᠤᠴᠢᠯᠠᠭᠰᠠᠨ ᠰᠠᠭᠤᠷᠢᠨ ᠲᠡᠭᠡᠷ᠎ᠠ ᠭᠠᠴᠠᠭᠠᠨ ᠤ ᠤᠳᠤᠷᠢᠳᠬᠤ ᠪᠠᠭ ᠠᠴᠠ ᠰᠤᠳᠤᠯᠤᠨ ᠶᠠᠷᠢᠯᠴᠠᠵᠤ ᠠᠯᠢ ᠠᠶᠢᠯ ᠳᠤ ᠲᠠᠭᠠᠭᠠᠴᠢᠯᠠᠨ ᠦᠭᠭᠦ ᠪᠠᠨ ᠳᠤᠭᠳᠠᠭᠠᠵᠤ᠂ ᠵᠢᠯ ᠪᠤᠯᠭᠠᠨ ᠤ 8 ᠰᠠᠷ᠎ᠠ ᠶᠢᠨ 15 ᠤ ᠡᠳᠦᠷ ᠭᠠᠴᠠᠭᠠᠨ ᠤ ᠰᠢᠯᠵᠢᠯᠳᠠ ᠶᠢᠨ ᠰᠦᠷᠦᠭ ᠤᠨ ᠢᠮᠠᠭ᠎ᠠ ᠶᠢᠨ ᠳᠤᠬᠠᠢ ᠪᠠᠶᠢᠴᠠᠭᠠᠯᠳᠠ ᠬᠢᠵᠤ᠂ ᠳᠠᠬᠢᠨᠳᠠ ᠳᠠᠭᠠᠭᠠᠴᠢᠯᠠᠨ ᠠᠪᠬᠤ ᠬᠡᠷ᠎ᠠ ᠳᠤᠭᠳᠠᠳᠠᠭ ᠪᠠᠶᠢᠨ᠎ᠠ᠃ ︽ᠰᠢᠯᠵᠢᠯᠳᠡ ᠶᠢᠨ ᠰᠦᠷᠦᠭ︾ ᠤᠨ ᠢᠮᠠᠭ᠎ᠠ ᠶᠢ ᠨᠢᠭᠡ ᠮᠠᠯᠴᠢᠨ ᠠᠶᠢᠯ ᠠᠴᠠ ᠨᠦᠭᠦᠭᠡ ᠮᠠᠯᠴᠢᠨ ᠠᠶᠢᠯ ᠳᠤ ᠰᠢᠯᠵᠢᠭᠦᠯᠬᠦ ᠳᠤ ᠡᠷᠬᠡᠪᠰᠢ 3 - 4 ᠨᠠᠰᠤᠨ ᠤ ᠡᠮ᠎ᠠ ᠢᠮᠠᠭ᠎ᠠ ᠪᠠᠶᠢᠬᠤ ᠬᠡᠷᠡᠭ ᠲᠠᠢ ᠪᠦᠭᠡᠳ ᠨᠤᠯᠤᠤᠷ ᠤᠨ ᠤᠷᠤᠯᠭ᠎ᠠ ᠪᠤᠯᠤᠨ ᠲᠦᠯ ᠳᠤᠰᠤᠭᠰᠠᠨ ᠤᠷᠤᠯᠭ᠎ᠠ ᠶᠢ ᠬᠤᠪᠢᠶᠠᠷᠢᠯᠠᠬᠤ ᠳᠤᠬᠠᠢ ᠨᠠᠷᠢᠨ ᠳᠤᠭᠳᠠᠭᠠᠯ ᠭᠠᠷᠭᠠᠭᠰᠠᠨ ᠪᠠᠶᠢᠨ᠎ᠠ᠃ ᠬᠤᠯᠤᠰᠤᠳᠠᠢ ᠭᠠᠴᠠᠭᠠᠨ ᠤ ᠳᠠᠷᠤᠭ᠎ᠠ ᠶᠢᠨ ᠠᠵᠢᠯ ᠢ 18 ᠵᠢᠯ ᠬᠠᠷᠢᠭᠤᠴᠠᠭᠰᠠᠨ ᠰᠢᠷᠡᠭᠦᠦ ᠪᠤᠯ ᠡᠨᠡᠭᠦ ︽ᠰᠢᠯᠵᠢᠯᠳᠠ ᠶᠢᠨ ᠰᠦᠷᠦᠭ︾ ᠤᠨ ᠠᠩᠬᠠᠨ ᠤ 500 ᠡᠮ᠎ᠠ ᠢᠮᠠᠭ᠎ᠠ ᠶᠢ ᠬᠡᠷᠭᠢᠨ ᠮᠠᠯᠴᠢᠳ ᠲᠤ ᠳᠠᠭᠠᠭᠠᠴᠢᠯᠠᠭᠤᠯᠵᠤ᠂ ᠬᠡᠷᠭᠢᠨ ᠬᠤᠷᠢᠶᠠᠨ ᠠᠪᠬᠤ ᠳᠤᠬᠠᠢ ᠠᠷᠭ᠎ᠠ ᠪᠤᠳᠤᠯᠭ᠎ᠠ ᠳᠤᠭᠳᠠᠭᠠᠭᠰᠠᠨ ᠬᠦᠮᠦᠨ ᠤ ᠨᠢᠭᠡ ᠨᠢ ᠪᠤᠯᠬᠤ ᠶᠤᠮ᠃ ︽︿ᠰᠢᠯᠵᠢᠯᠳᠠ ᠶᠢᠨ ᠰᠦᠷᠦᠭ﹀ ᠢ ᠳᠠᠭᠠᠭᠠᠴᠢᠯᠠᠬᠤ ᠬᠤᠭᠤᠴᠠᠭ᠎ᠠ ᠶᠢ ᠭᠤᠷᠪᠠᠨ ᠵᠢᠯ ᠢᠶᠠᠷ ᠨᠢᠭᠡ ᠦᠶᠡᠯᠡᠯ ᠪᠤᠯᠭᠠᠵᠤ᠂ ᠭᠤᠷᠪᠠᠳᠤᠭᠠᠷ ᠵᠢᠯ ᠳᠤ ᠳᠠᠭᠠᠭᠠᠴᠢᠯᠠᠨ ᠠᠪᠤᠭᠰᠠᠨ ᠨᠠᠶᠢᠳᠡ ᠶᠢᠨ ᠢᠮᠠᠭ᠎ᠠ ᠶᠢᠨ 10% ᠤᠨ ᠬᠠᠷᠢᠴᠠᠯ ᠢᠶᠠᠷ ᠨᠡᠶᠢᠳᠡ ᠳᠤ ᠨᠢᠭᠡ ᠤᠳᠠᠭ᠎ᠠ ᠲᠦᠯ ᠳᠤᠰᠢᠶᠠᠬᠤ ᠠᠴᠠ ᠭᠠᠳᠠᠨ᠎ᠠ᠂ ᠪᠤᠰᠤᠳ ᠲᠦᠯ ᠢ ᠨᠢ ᠪᠦᠬᠦᠨ ᠢ ᠲᠠᠭᠠᠭᠠᠴᠢᠯᠠᠨ ᠠᠪᠤᠬᠰᠠᠨ ᠠᠶᠢᠯ ᠳᠤ ᠦᠭᠳᠡᠭ᠃ ᠢᠮᠠᠭ᠎ᠠ ᠪᠦᠷᠢ ᠠᠴᠠ ᠨᠤᠯᠤᠤᠷ ᠬᠤᠳᠠᠯᠳᠤᠭᠰᠠᠨ ᠵᠤᠭᠤᠰ ᠤᠨ 20% ᠢ ᠨᠢ ᠭᠠᠴᠠᠭᠠᠨ ᠤ ᠨᠡᠶᠢᠳᠡ ᠶᠢᠨ ᠳᠠᠩᠰᠠᠨ ᠳᠤ ᠤᠷᠤᠭᠤᠯᠪᠠᠯ ᠪᠤᠰᠤᠳ ᠢ ᠨᠢ ᠪᠦᠬᠦᠨ ᠢ ᠮᠠᠯᠴᠢᠨ ᠠᠶᠢᠯ ᠤᠨ ᠤᠷᠤᠯᠭ᠎ᠠ ᠪᠤᠯᠭᠠᠳᠠᠭ᠃ 500 ᠨᠡᠶᠢᠳᠡ ᠶᠢᠨ ᠢᠮᠠᠭ᠎ᠠ 20 ᠵᠢᠯ ᠪᠤᠯᠬᠤ ᠳᠤ ᠠᠷᠠᠢ ᠭᠡᠵᠤ 803 ᠪᠤᠯᠤᠨ ᠨᠡᠮᠡᠭᠳᠡᠵᠤ᠂ ᠤᠷᠢᠳ ᠬᠤᠵᠢᠳ ᠭᠠᠴᠠᠭᠠᠨ ᠤ 126 ᠮᠠᠯᠴᠢᠨ ᠡᠷᠦᠭᠡ ᠶᠢᠨ 40 ᠭᠠᠷᠤᠢ ᠡᠷᠦᠭᠡ ᠳᠤ ᠰᠢᠯᠵᠢᠭᠦᠯᠦᠨ ᠳᠡᠵᠢᠭᠡᠯᠭᠡᠵᠤ᠂ ᠮᠠᠯᠴᠢᠳ ᠤᠨ ᠭᠠᠷ ᠲᠤ ᠤᠷᠤᠭᠰᠠᠨ ᠲᠦᠯ ᠤᠨ ᠤᠷᠤᠯᠭ᠎ᠠ ᠬᠢᠭᠡᠳ ᠨᠤᠯᠤᠤᠷ ᠤᠨ ᠤᠷᠤᠯᠭ᠎ᠠ ᠶᠢᠨ ᠨᠠᠷᠢᠨ ᠳᠠᠩᠰᠠ ᠶᠢ ᠪᠤᠳᠤᠬᠤ ᠳᠤ ᠲᠤᠩ ᠲᠦᠪᠡᠭᠳᠠᠢ ᠶᠤᠮ᠂ ᠪᠢ ᠭᠠᠴᠠᠭᠠᠨ ᠤ ᠨᠢᠭᠳᠠᠯᠠᠨ ᠪᠤᠳᠤᠭᠴᠢ ᠲᠠᠢ ᠬᠠᠮᠳᠤᠷᠠᠵᠤ ᠳᠤᠮᠳᠠᠴᠢ ᠳᠤᠭ᠎ᠠ ᠪᠠᠷ ᠪᠠᠷᠤᠭᠴᠠᠭᠠᠯᠠᠨ ᠪᠤᠳᠤᠵᠤ ᠦᠵᠡᠭᠦ ᠳᠤ᠂ ᠮᠠᠨ ᠤ ᠭᠠᠴᠠᠭᠠᠨ ᠤ ᠰᠢᠯᠵᠢᠯᠳᠡ ᠶᠢᠨ ᠰᠦᠷᠦᠭ ᠤᠨ ᠠᠮᠢᠳᠤᠷᠠᠯ ᠬᠦᠴᠢᠷᠳᠡᠯᠳᠠᠢ ᠮᠠᠯᠴᠢᠳ ᠲᠤ ᠤᠯᠭᠤᠭᠰᠠᠨ ᠦᠷ᠎ᠠ ᠠᠰᠢᠭ 2000 ᠲᠦᠮᠡᠨ ᠲᠦᠭᠦᠷᠢᠭ ᠢ ᠳᠠᠪᠠᠭᠰᠠᠨ ᠪᠠᠶᠢᠨ᠎ᠠ︾᠃ ᠭᠠᠴᠠᠭᠠᠨ ᠳᠠᠷᠤᠭ᠎ᠠ ᠰᠢᠷᠠᠭᠦᠦ ᠨᠢᠭᠡ ᠦᠳᠡ ᠶᠢᠨ ᠬᠤᠶᠢᠨᠠᠬᠢ ᠴᠠᠭ ᠢ ᠬᠡᠷᠡᠭᠰᠡᠨ ᠡᠨᠡᠭᠦ ᠳᠠᠩᠰᠠ ᠶᠢ ᠪᠤᠳᠤᠵᠤ ᠭᠠᠷᠭᠠᠬᠰᠠᠨ ᠪᠠᠶᠢᠯ᠎ᠠ᠃
      ᠬᠤᠯᠤᠰᠤᠳᠠᠢ ᠭᠠᠴᠠᠭᠠᠨ ᠤ ᠨᠠᠮ ᠤᠨ ᠡᠬᠦᠷ ᠤᠨ ᠱᠦᠵᠢ ᠭᠡᠰᠢᠭᠳᠦ ︵ᠪᠠᠷᠠᠭᠤᠨ︶ ᠰᠢᠯᠵᠢᠯᠳᠡ ᠶᠢᠨ ᠰᠦᠷᠦᠭ ᠢ ᠬᠤᠷᠢᠨ ᠵᠢᠯ ᠳᠠᠭᠠᠭᠠᠴᠢᠯᠠᠨ ᠮᠠᠯᠵᠢᠭᠰᠠᠨ ᠤᠳᠬᠤᠨᠬᠤᠸᠠᠷ ᠤᠨ ᠳᠤ ᠬᠦᠷᠴᠤ ᠪᠠᠶᠢᠳᠠᠯ ᠤᠢᠢᠯᠠᠭᠠᠵᠦ ᠪᠠᠶᠢᠨ᠎ᠠ᠃                     ᠰᠤᠷᠪᠤᠯᠵᠢᠯᠠᠬᠴᠢ ᠰᠢᠯᠢᠨᠭᠡᠷᠡᠯ ᠰᠡᠭᠦᠳᠡᠷᠯᠡᠪᠡ       ᠳᠤᠰ ᠭᠠᠴᠠᠭ᠎ᠠ ︽ᠰᠢᠯᠵᠢᠯᠳᠠ ᠶᠢᠨ ᠰᠦᠷᠦᠭ︾ ᠢᠶᠠᠷ ᠭᠠᠴᠠᠭᠠᠨ ᠤ ᠪᠠᠨ ᠠᠮᠢᠳᠤᠷᠠᠯ ᠬᠦᠴᠢᠷᠳᠠᠯᠳᠠᠢ ᠮᠠᠯᠴᠢᠳ ᠢ ᠳᠡᠮᠵᠢᠭᠦ ᠪᠠᠷ ᠵᠤᠷᠢᠯᠭ᠎ᠠ ᠪᠠᠨ ᠪᠤᠯᠭᠠᠵᠤ᠂ ᠨᠡᠶᠢᠳᠡ ᠶᠢᠨ ᠰᠦᠷᠦᠭ ᠢ ᠰᠢᠯᠵᠢᠭᠦᠯᠦᠨ ᠳᠡᠵᠢᠭᠡᠯᠭᠡᠭᠦ ᠠᠷᠭ᠎ᠠ ᠬᠡᠮᠵᠢᠶ᠎ᠠ ᠶᠢᠨ ᠠᠩᠬᠠᠨ ᠤ ᠳᠤᠭᠳᠠᠭᠠᠯ ᠢ ᠬᠡᠷᠡᠭᠵᠢᠭᠦᠯᠦᠭᠰᠡᠨ ᠠᠴᠠ ᠨᠠᠰᠢ 20 ᠵᠢᠯ ᠳᠤ ︽ᠤᠭ ᠰᠠᠨᠠᠭ᠎ᠠ︾ ᠪᠠᠨ ᠶᠠᠭ ᠬᠤᠪᠢᠷᠠᠭᠤᠯᠤᠭᠰᠠᠨ ᠦᠭᠡᠢ᠃ ᠮᠠᠯᠴᠢᠨ ᠤᠳᠬᠤᠨᠬᠤᠸᠠᠷ ᠪᠤᠯ ᠬᠠᠮᠤᠭ ᠤᠨ ᠠᠩᠬ᠎ᠠ ᠭᠠᠴᠠᠭᠠᠨ ᠤ ᠰᠢᠯᠵᠢᠯᠳᠡ ᠶᠢᠨ ᠰᠦᠷᠦᠭ ᠢ ᠲᠠᠭᠠᠭᠠᠴᠢᠯᠠᠨ ᠠᠪᠤᠬᠰᠠᠨ 15 ᠡᠷᠦᠭᠡ ᠶᠢᠨ ᠨᠢᠭᠡ ᠪᠤᠯᠬᠤ ᠪᠦᠭᠡᠳ ᠠᠩᠬ᠎ᠠ 19 ᠢᠮᠠᠭ᠎ᠠ ᠰᠢᠯᠵᠢᠬᠦᠯᠤᠨ ᠠᠪᠤᠭᠰᠠᠨ ᠶᠤᠮ᠂ ᠰᠡᠭᠦᠯ ᠳᠤᠨᠢ ᠪᠠᠰᠠ ᠠᠷᠪᠠ ᠭᠠᠷᠤᠢ ᠢᠮᠠᠭ᠎ᠠ ᠰᠢᠯᠵᠢᠭᠦᠯᠦᠨ ᠠᠪᠴᠦ᠂ ᠨᠢᠳᠤᠨᠤᠨ ᠤ 8 ᠰᠠᠷ᠎ᠠ ᠶᠢᠨ 15 ᠤ ᠡᠳᠦᠷ ᠪᠤᠯᠬᠤ ᠳᠤ ︽ᠰᠢᠯᠵᠢᠯᠳᠠ ᠶᠢᠨ ᠰᠦᠷᠦᠭ︾ ᠨᠢ 85 ᠪᠤᠯᠵᠠᠢ᠃ ᠳᠡᠳᠡᠨᠠᠶᠢᠬᠢᠨ ᠤᠳᠤ ᠪᠤᠯᠬᠤ ᠳᠤ ᠬᠤᠪᠢᠨ ᠳᠠᠭᠠᠨ 300 ᠭᠠᠷᠤᠢ ᠢᠮᠠᠭ᠎ᠠ ᠲᠠᠢ ᠪᠤᠯᠤᠬᠰᠠᠨ ᠪᠦᠭᠡᠳ 100 ᠳᠡᠭᠰᠢ ᠲᠦᠷᠪᠡᠯᠵᠢᠨ ᠮᠧᠲᠷ ᠤᠨ ᠳᠤᠭᠤᠰᠬᠠᠨ ᠪᠠᠶᠢᠰᠢᠩ᠂ 200 ᠭᠠᠷᠤᠢ ᠳᠡᠭᠰᠢ ᠳᠦᠷᠪᠡᠯᠵᠢᠨ ᠮᠧᠲᠷ ᠤᠨ ᠳᠠᠯᠠᠪᠠᠢ ᠪᠦᠬᠦᠢ ᠮᠠᠯ ᠤᠨ ᠫᠧᠩ ᠰᠠᠷᠠᠪᠴᠢ᠂ ᠬᠤᠶᠠᠷ ᠪᠠᠭ᠎ᠠ ᠮᠠᠰᠢᠨ᠂ ᠭᠤᠷᠪᠠᠨ ᠮᠤᠲ᠋ᠤᠷ ᠳᠡᠷᠭᠡ ᠲᠠᠢ ᠠᠵᠠ ᠵᠢᠷᠭᠠᠯᠳᠠᠢ ᠠᠮᠢᠳᠤᠷᠠᠵᠤ ᠪᠠᠶᠢᠨ᠎ᠠ᠃ ︽ᠨᠢᠳᠤᠨᠤᠨ ᠵᠢᠯ 30 ᠭᠠᠷᠤᠢ ᠲᠦᠮᠡᠨ ᠲᠦᠭᠦᠷᠢᠭ ᠤᠨ ᠵᠠᠷᠤᠯᠭ᠎ᠠ ᠲᠠᠢ ᠪᠠᠶᠢᠬᠰᠠᠨ ᠪᠤᠯᠪᠠᠴᠤ ᠤᠳᠤ ᠪᠤᠯᠬᠤ ᠳᠤ ᠦᠷᠢ ᠰᠢᠷᠢ ᠦᠭᠡᠢ ᠶᠠᠪᠤᠵᠤ ᠪᠠᠶᠢᠨ᠎ᠠ᠂ ᠮᠠᠨᠠᠶᠢᠬᠢᠨ ᠪᠤᠯ ︿ᠰᠢᠯᠵᠢᠯᠳᠠ ᠶᠢᠨ ᠰᠦᠷᠦᠭ﹀ ᠤᠨ ᠠᠰᠢᠭ ᠢ ᠤᠪᠤᠭ᠎ᠠ ᠬᠦᠷᠳᠡᠭᠰᠡᠨ ᠠᠶᠢᠯ ᠪᠤᠯᠬᠤ ᠶᠤᠮ᠂ ︿ᠰᠢᠯᠵᠢᠯᠳᠠ ᠶᠢᠨ ᠰᠦᠷᠦᠭ﹀ ᠤᠨ ᠰᠠᠶᠢᠨ ᠢᠶᠠᠷ ᠬᠤᠶᠠᠷ ᠬᠡᠦᠭᠡᠳ ᠢᠶᠠᠨ ᠦᠰᠭᠡᠨ ᠬᠦᠮᠦᠵᠢᠭᠦᠯᠵᠤ ᠬᠦᠮᠦᠨ ᠤ ᠵᠡᠷᠭᠡ ᠳᠤ ᠬᠦᠷᠭᠡᠵᠤ᠂ ᠤᠳᠤᠠᠬᠨ ᠳᠤ ᠬᠤᠰᠢᠭᠤᠨ ᠲᠦᠪ ᠬᠠᠯᠢᠭᠤᠳᠤ ᠪᠠᠯᠭᠠᠰᠤᠨ ᠳᠤ ᠬᠡᠷ ᠲᠠᠢ ᠳᠡᠷᠭᠡ ᠲᠠᠢ ᠪᠤᠯᠭᠠᠵᠠᠢ᠃ ᠪᠤᠳᠤᠭᠠᠳ ᠦᠵᠡᠭᠦ ᠳᠤ 20 ᠵᠢᠯ ᠳᠤ ᠮᠠᠨᠠᠶᠢᠬᠢᠨ ︿ᠰᠢᠯᠵᠢᠯᠳᠠ ᠶᠢᠨ ᠰᠦᠷᠦᠭ﹀ ᠠᠴᠠ 200 ᠭᠠᠷᠤᠢ ᠲᠦᠮᠡᠨ ᠲᠦᠭᠦᠷᠢᠭ ᠤᠨ ᠤᠷᠤᠯᠭ᠎ᠠ ᠤᠯᠤᠭᠰᠠᠨ ᠰᠢᠦ︾ ᠭᠡᠵᠤ ᠤᠳᠬᠤᠨᠬᠤᠸᠠᠷ ᠬᠡᠯᠡᠨ᠎ᠡ᠃      ︽ᠰᠢᠯᠵᠢᠯᠳᠡ ᠶᠢᠨ ᠰᠦᠷᠦᠭ︾ ᠤᠨ ᠠᠰᠢᠭ ᠤᠷᠤᠯᠭ᠎ᠠ ᠰᠠᠶᠢᠨ ᠳᠤᠯᠠ ᠭᠠᠴᠠᠭᠠᠨ ᠤ ᠮᠠᠯᠴᠢᠳ ᠢᠳᠡᠪᠬᠢᠳᠡᠢ ᠲᠠᠭᠠᠭᠠᠴᠢᠯᠠᠨ ᠳᠡᠵᠢᠭᠡᠳᠡᠭ ᠪᠠᠶᠢᠨ᠎ᠠ᠃ ᠮᠠᠯᠴᠢᠨ ᠴᠢ᠊ ᠪᠦᠬᠡ ᠡᠮᠤᠨ᠎ᠠ ᠬᠤᠶᠠᠷ ᠵᠢᠯ ᠳᠤ ᠬᠦᠦ ᠪᠠᠨ ᠬᠤᠷᠢᠮᠯᠠᠭᠤᠯᠬᠤ ᠭᠡᠳ ᠶᠡᠭᠡ ᠵᠠᠷᠤᠳᠠᠯ ᠭᠠᠷᠤᠭᠰᠠᠨ ᠪᠦᠭᠡᠳ ᠬᠤᠨᠢ ᠢᠮᠠᠭ᠎ᠠ ᠨᠢ ᠭᠡᠮ ᠬᠢᠵᠢᠭ ᠳᠤ ᠰᠦᠢᠳᠴᠦ ᠰᠦᠷᠦᠭ ᠨᠢᠮᠭᠡᠷᠡᠭᠰᠡᠨ ᠳᠤᠯᠠ ᠤᠯᠠᠨ ᠤᠳᠠᠭ᠎ᠠ ᠭᠠᠴᠠᠭ᠎ᠠ ᠳᠤ ᠮᠡᠳᠡᠭᠦᠯᠦᠨ ᠨᠡᠶᠢᠳᠡ ᠶᠢᠨ ᠢᠮᠠᠭ᠎ᠠ ᠶᠢ ᠳᠠᠭᠠᠭᠠᠴᠢᠯᠠᠨ ᠳᠡᠵᠢᠭᠡᠭᠦ ᠪᠠᠷ ᠭᠤᠶᠤᠴᠢᠯᠠᠵᠤ᠂ ᠨᠢᠳᠤᠨᠤᠨ ᠤ 8 ᠰᠠᠷ᠎ᠠ ᠶᠢᠨ 15 ᠤ ᠡᠳᠦᠷ᠂ ᠤᠳᠬᠤᠨᠬᠤᠸᠠᠷ ᠤᠨ ᠬᠢ ᠠᠴᠠ 30 ᠢᠮᠠᠭ᠎ᠠ ᠰᠢᠯᠵᠢᠭᠦᠯᠦᠨ ᠠᠪᠴᠦ ᠲᠡᠵᠢᠭᠡᠪᠡ᠃ ︽ᠡᠨᠡ ᠵᠢᠯ 30 ᠢᠮᠠᠭ᠎ᠠ ᠠᠴᠠ 22 ᠲᠦᠯ ᠳᠤᠰᠴᠠᠢ᠂ ᠨᠢᠭᠡ ᠡᠮ᠎ᠠ ᠢᠮᠠᠭ᠎ᠠ ᠠᠴᠠ ᠨᠢᠭᠡ ᠵᠢᠩ ᠨᠤᠯᠤᠤᠷ ᠤᠯᠬᠤ ᠳᠤ ᠠᠰᠠᠭᠤᠳᠠᠯ ᠦᠭᠡᠢ᠂ ᠡᠨᠡ ᠵᠢᠯ ᠨᠤᠯᠤᠤᠷ ᠤᠨ ᠦᠨ᠎ᠠ ᠬᠠᠩᠰᠢ ᠵᠢᠩ ᠳᠡᠭᠡᠨ 160 ᠲᠦᠭᠦᠷᠢᠭ ᠲᠤ ᠬᠦᠷᠦᠭᠰᠡᠨ ᠰᠤᠷᠠᠭ ᠲᠠᠢ᠂ ᠡᠨᠡ ᠪᠠᠶᠢᠳᠠᠯ ᠠᠴᠠ ᠦᠵᠡᠪᠡᠯ᠂ 2020 ᠤᠨ ᠪᠤᠯᠳᠠᠯᠠᠬᠢ ᠭᠤᠷᠪᠠᠨ ᠵᠢᠯ ᠳᠤ ᠮᠢᠨᠦ ᠳᠠᠭᠠᠭᠠᠴᠢᠯᠠᠭᠰᠠᠨ 30 ᠢᠮᠠᠭ᠎ᠠ ᠬᠤᠶᠠᠷ ᠲᠦᠮᠡ ᠰᠢᠬᠠᠮ ᠲᠦᠭᠦᠷᠢᠭ ᠤᠨ ᠨᠤᠯᠤᠤᠷ ᠤᠨ ᠤᠷᠤᠯᠭ᠎ᠠ ᠡᠭᠦᠳᠭᠦ ᠪᠤᠯᠤᠨ᠎ᠠ ᠳ᠋ᠠ︾ ᠭᠡᠵᠤ ᠶᠠᠭ ᠰᠠᠶ᠋ᠢᠬᠠᠨ ᠢᠮᠠᠭ᠎ᠠ ᠰᠠᠮᠨᠠᠵᠤ ᠪᠠᠶᠢᠬᠰᠠᠨ ᠴᠢ᠊ ᠪᠦᠭᠡ ᠶᠢᠨ ᠡᠬᠡᠨᠠᠷ ᠤᠳᠤᠨᠭᠡᠷᠡᠯ ᠪᠠᠶᠠᠷ ᠲᠠᠢ ᠬᠡᠯᠡᠨ᠎ᠡ᠃ ᠤᠬᠤᠷ ᠰᠢᠬᠦᠮᠵᠢ:            ︽ᠠᠮᠢᠳᠤ ᠰᠠᠭᠤᠷᠢ ᠮᠦᠩᠭᠦ︾  ᠪᠠᠷ ᠳᠡᠳᠭᠦᠭᠰᠡᠨ ᠠᠮᠵᠢᠯᠲᠠ ᠲᠠᠢ ᠳᠤᠷᠰᠢᠯᠭ᠎ᠠ      ᠬᠤᠯᠤᠰᠤᠳᠠᠢ ᠭᠠᠴᠠᠭᠠᠨ ᠤ ᠰᠢᠯᠵᠢᠯᠳᠡ ᠶᠢᠨ ᠰᠦᠷᠦᠭ ᠨᠢ ᠬᠤᠷᠢᠨ ᠵᠢᠯ ᠤᠨ ᠤᠨᠳᠤᠷᠤᠯᠳᠠ ᠪᠠᠷ ᠳᠡᠮᠵᠢᠨ ᠭᠠᠴᠠᠭᠠᠨ ᠤ ᠶᠠᠳᠠᠭᠤ ᠬᠦᠴᠢᠷᠳᠡᠯᠳᠡᠢ ᠡᠷᠦᠬᠡ ᠶᠢᠨ ᠠᠮᠢᠳᠤᠷᠠᠯ ᠢ ᠳᠡᠭᠵᠢᠷᠡᠭᠦᠯᠦᠭᠰᠡᠨ ᠪᠦᠭᠡᠳ ᠮᠠᠯᠴᠢᠨ ᠲᠦᠮᠡᠨ ᠤ ᠪᠠᠨ ᠠᠵᠤ ᠠᠮᠢᠳᠤᠷᠠᠯ ᠳᠤ ᠲᠡᠮᠨᠡᠯᠭᠡ ᠪᠤᠯᠵᠤ ︽ᠵᠤᠷᠢᠭ ᠴᠢᠷᠮᠠᠶᠢᠯᠭ᠎ᠠ ᠪᠠᠶᠢᠳᠠᠭ ᠯᠡ ᠶᠤᠮ ᠪᠤᠯ ᠵᠤᠬᠢᠶᠠᠨ ᠪᠠᠶᠢᠭᠤᠯᠤᠯᠳᠠ ᠠᠴᠠ ᠳᠡᠮᠵᠢᠯᠬᠡ ᠦᠭᠬᠦᠨ᠎ᠠ︾ ᠭᠡᠳᠡᠭ ᠢ ᠤᠯᠠᠨ ᠳᠠᠭᠠᠨ ᠮᠡᠳᠡᠬᠦᠯᠦᠭᠰᠡᠨ ᠪᠠᠶᠢᠨ᠎ᠠ᠃ ᠡᠨᠡᠬᠦ ᠶᠠᠪᠤᠴᠠ ᠳᠤ ᠦᠨᠳᠦᠰᠦᠨ ᠱᠠᠳᠤᠨ ᠤ ᠤᠳᠤᠷᠢᠳᠤᠯᠭ᠎ᠠ ᠨᠠᠷ ᠤᠨ ᠬᠤᠯᠠ ᠶᠢᠨ ᠬᠠᠷᠠᠴᠠ᠂ ᠨᠢᠮᠪᠠᠢ ᠳᠦᠯᠦᠪᠯᠡᠭᠡ᠂ ᠤᠷᠤᠨ ᠨᠤᠳᠤᠭ ᠤᠨ ᠢᠶᠠᠨ ᠤᠨᠴᠠᠯᠢᠭ ᠠᠴᠠ ᠡᠬᠦᠰᠦᠭᠰᠡᠨ ᠵᠦᠢᠳᠡᠢ ᠪᠤᠳᠤᠯᠬᠢᠯᠠᠯ᠂ ᠤᠯᠠᠨ ᠵᠢᠯ ᠤᠨ ᠤᠢᠢᠭ᠎ᠠ ᠦᠬᠡᠢ ᠪᠠᠷᠢᠮᠳᠠᠯᠠᠯ ᠵᠡᠷᠭᠡ ᠨᠢ ᠪᠢᠳᠡᠨ ᠳᠤ ᠳᠤᠯᠢ ᠪᠤᠯᠤᠮᠠᠷ ᠰᠠᠨᠠᠭᠳᠠᠯ᠎ᠠ᠃       ᠭᠠᠴᠠᠭᠠᠨ ᠤ ᠪᠠᠨ ︽ᠠᠮᠢᠳᠤ ᠰᠠᠭᠤᠷᠢ ᠮᠦᠩᠬᠦ︾ ᠪᠤᠯᠤᠭᠰᠠᠨ ᠡᠨᠡ ᠰᠦᠷᠦᠭ ᠢᠮᠠᠭ᠎ᠠ ᠪᠠᠨ ᠠᠵᠦ ᠠᠬᠤᠢ ᠶᠢᠨ ᠵᠢᠮ᠎ᠠ ᠶᠤᠰᠤ ᠪᠠᠷ ᠡᠵᠡᠩᠨᠡᠨ ᠬᠠᠮᠢᠶᠠᠷᠴᠤ᠂ ᠡᠭᠡᠬᠦᠯᠦᠨ ᠳᠠᠳᠠᠪᠤᠷᠢᠯᠡᠬᠤ ᠬᠠᠷᠢᠴᠠᠯ ᠢᠶᠠᠨ ᠵᠦᠢ ᠵᠤᠬᠢᠰᠳᠠᠢ ᠳᠤᠭᠳᠠᠭᠠᠵᠦ᠂ ᠰᠠᠭᠤᠷᠢ ᠳᠤᠭ᠎ᠠ ᠪᠠ ᠴᠢᠨᠠᠷ ᠴᠢᠨᠰᠠᠭ᠎ᠠ ᠶᠢ ᠨᠢ ᠪᠠᠳᠤᠯᠠᠭᠰᠠᠨ ᠤᠷᠢᠳᠠᠯ ᠳᠤᠤᠷ᠎ᠠ ᠮᠠᠯᠵᠢᠵᠦ ᠪᠠᠶᠢᠭ᠎ᠠ ᠡᠷᠦᠬᠡ ᠶᠢᠨ ᠠᠰᠢᠬ ᠳᠤᠰᠠ ᠶᠢ ᠬᠠᠮᠤᠭ ᠶᠡᠭᠡ ᠪᠠᠷ ᠬᠠᠷᠠᠭᠠᠯᠵᠠᠵᠦ ᠴᠢᠳᠠᠭᠰᠠᠨ ᠠᠴᠠ ᠲᠡᠷᠡ ᠨᠢ ᠤᠷᠳᠤ ᠬᠤᠭᠤᠴᠠᠭᠠᠨ ᠤ ᠳᠤᠭᠳᠠᠪᠤᠷᠢᠳᠡᠢ ᠦᠷ᠎ᠠ ᠠᠰᠢᠬ ᠢ ᠡᠬᠦᠳᠴᠤ ᠳᠡᠶᠢᠯᠦᠭᠰᠡᠨ ᠪᠦᠭᠡᠳ ᠮᠠᠯᠴᠢᠳ ᠲᠠᠭᠠᠨ ᠨᠢᠭᠳᠠᠷᠠᠯ ᠤᠨ ᠬᠦᠴᠦᠨ ᠤᠯᠭᠤᠵᠦ᠂ ᠳᠡᠳᠡᠨ ᠤ ᠴᠢᠨᠡᠭᠡᠯᠢᠭᠵᠢᠯ ᠤᠨ ᠵᠠᠮ ᠢᠶᠠᠨ ᠡᠯᠬᠦᠬᠦ ᠳᠤ ᠢᠳᠡᠭᠡᠯ ᠵᠤᠷᠢᠭ ᠨᠡᠮᠡᠷᠢᠯᠡᠭᠰᠡᠨ ᠪᠠᠶᠢᠨ᠎ᠠ᠃
ᠨᠠᠶᠢᠷᠠᠭᠤᠯᠤᠭᠴᠢ᠄
ᠵᠤᠯᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号