ᠢᠳᠡᠬᠡᠨ ᠤ ᠳᠤᠰᠤ ᠶᠢ ᠵᠦᠪ ᠳᠠᠨᠢᠬᠤᠢ
2018-06-11 11:07:31
ᠵᠣᠬᠢᠶᠠᠭᠴᠢ᠄ 
ᠣᠩᠰᠢᠭᠰᠠᠨ ᠣᠳᠠᠭ᠎ᠠ᠄ 
★★★☆☆
      ᠢᠳᠡᠭᠡᠨ ᠤ ᠳᠤᠰᠤ ᠪᠤᠯ ᠮᠠᠨ ᠤ ᠡᠳᠦᠷ ᠳᠤᠳᠤᠮ ᠤᠨ ᠠᠮᠢᠳᠤᠷᠠᠯ ᠳᠤᠮᠳᠠ ᠳᠤᠳᠠᠭᠳᠠᠵᠤ ᠪᠤᠯᠤᠰᠢ ᠦᠭᠡᠢ ᠵᠦᠢᠯ ᠭᠡᠳᠡᠭ ᠢ ᠬᠡᠨ ᠴᠤ ᠠᠨᠳᠠᠬᠤ ᠦᠭᠡᠢ᠃ ᠳᠡᠭᠡᠬᠦ ᠳᠡᠭᠡᠨ᠂ ᠢᠳᠡᠭᠡᠨ ᠤ ᠳᠤᠰᠤ ᠨᠤᠭᠤᠳ ᠤᠨ ᠳᠤᠳᠤᠷ᠎ᠠ ᠠᠴᠠ ᠠᠯᠢ ᠶᠢ ᠨᠢ ᠰᠤᠩᠭᠤᠵᠤ ᠢᠳᠡᠬᠦ ᠤᠤ᠂ ᠬᠤᠭᠤᠯᠠ ᠬᠢᠬᠦ ᠳᠡᠭᠡᠨ ᠳᠤᠰᠤ ᠪᠠᠨ ᠬᠡᠳᠦᠢ ᠬᠠᠯᠠᠭᠠᠬᠤ ᠪᠤᠢ᠂ ᠬᠡᠳᠦᠢ ᠭᠡᠷᠡᠭᠯᠡᠬᠦ ᠪᠤᠢ ᠭᠡᠬᠦᠴᠢᠯᠡᠨ ᠪᠤᠯ ᠪᠦᠷ ᠮᠠᠨ ᠤ ᠡᠷᠡᠭᠦᠯ ᠮᠡᠨᠳᠦ ᠳᠤ ᠰᠢᠭᠤᠳ ᠬᠤᠯᠪᠤᠭᠳᠠᠬᠤ ᠠᠰᠠᠭᠤᠳᠠᠯ ᠪᠤᠯᠤᠨ᠎ᠠ᠃ ᠳᠡᠭᠡᠪᠡᠯ᠂ ᠢᠳᠡᠭᠡᠨ ᠤ ᠳᠤᠰᠤ ᠶᠢ ᠵᠦᠪ ᠭᠡᠷᠡᠭᠯᠡᠬᠦ ᠳᠤᠬᠠᠢ ᠳᠤᠰᠬᠠᠢ ᠮᠡᠷᠭᠡᠵᠢᠯᠳᠡᠳ ᠤᠨ ᠰᠠᠨᠠᠯ ᠢ ᠰᠤᠨᠤᠰᠤᠶ᠎ᠠ᠃      ᠢᠳᠡᠭᠡᠨ ᠤ ᠳᠤᠰᠤᠨ ᠤ ᠨᠠᠷᠢᠨ ᠳᠠᠨᠢᠯᠴᠠᠭᠤᠯᠭ᠎ᠠ      ︹ ᠨᠡᠷᠡᠶᠢᠳᠦᠯ ︺ ᠢᠳᠡᠭᠡᠨ ᠤ ᠳᠤᠰᠤ      ︹ ᠬᠡᠪ ᠪᠠᠶᠢᠳᠠᠯ ︺ ᠢᠳᠡᠭᠡᠨ ᠤ ᠳᠤᠰᠤ ᠨᠢ ᠬᠦᠢᠭᠡᠨ ᠰᠢᠷᠡᠪᠳᠤᠷ ᠪᠤᠶᠤ ᠭᠦᠨ ᠰᠢᠷ᠎ᠡ ᠦᠩᠭᠡᠳᠡᠢ ᠳᠤᠰᠤᠯᠢᠬ ᠰᠢᠩᠭᠡᠨ ᠪᠡᠶᠡᠳᠦ᠂ ᠠᠩᠭᠢᠯᠤᠮ᠎ᠠ ᠰᠠᠶᠢᠬᠠᠨ ᠦᠨᠦᠷ ᠲᠠᠢ      ︹ ᠰᠢᠮ᠎ᠡ ᠳᠡᠵᠢᠭᠡᠯ ᠤᠨ ᠪᠦᠷᠢᠯᠳᠦᠭᠦᠨ ︺ ᠳᠤᠰᠤᠨ ᠬᠦᠴᠢᠯ᠂ ᠳᠤᠳᠠᠭᠤ ᠳᠤᠰᠤᠨ ᠬᠦᠴᠢᠯ᠂ ᠶᠠᠮᠠ ᠬᠦᠴᠢᠯ᠂ ᠸᠢᠲ᠋ᠠᠮᠢᠨ E᠂ ᠬᠤᠯᠤᠤᠪᠠᠩ ᠤᠨ ᠡᠳ᠋᠂ ᠦᠨᠳᠡᠭᠡᠨ ᠤ ᠹᠤᠰᠹᠤᠷᠳᠤ ᠦᠭᠡᠬᠦ      ︹ ᠳᠦᠭᠦᠭᠡᠢ ᠡᠳ᠋ ︺ ᠠᠷᠤᠷ᠎ᠠ᠂ ᠴᠠᠢ ᠶᠢᠨ ᠦᠷ᠎ᠡ᠂ ᠯᠤᠬᠠᠱᠧᠩ᠂ ᠡᠷᠳᠡᠨᠢ ᠰᠢᠰᠢ᠂ ᠰᠢᠷ᠎ᠠ ᠪᠤᠷᠴᠠᠭ᠂ ᠮᠠᠭᠠᠵᠢ ᠵᠡᠷᠭᠡ ᠤᠷᠭᠤᠮᠠᠯ ᠤᠨ ᠦᠷ᠎ᠡ      ︹ ᠢᠳᠡᠬᠦ ᠠᠷᠭ᠎ᠠ ︺ ᠬᠠᠭᠤᠷᠬᠤ᠂ ᠴᠢᠨᠠᠬᠤ᠂ ᠰᠡᠷᠢᠭᠦᠨ ᠨᠤᠭᠤᠭ᠎ᠠ ᠨᠠᠶᠢᠷᠠᠭᠤᠯᠬᠤ᠂ ᠬᠠᠭᠠᠷᠢᠬᠤ᠂ ᠪᠤᠴᠠᠯᠭᠠᠬᠤ      ︹ ᠭᠠᠵᠢ ᠦᠢᠯᠡᠳᠦᠯ ︺ ᠭᠡᠳᠦᠷᠡᠪᠡᠯ ᠪᠡᠶ᠎ᠡ ᠶᠢᠨ ᠬᠦᠨᠳᠦ ᠨᠡᠮᠡᠭᠳᠡᠬᠦ᠂ ᠵᠢᠷᠦᠭᠡ ᠴᠢᠰᠦᠨ ᠰᠤᠳᠠᠯ ᠤᠨ ᠡᠪᠡᠳᠴᠢᠨ ᠡᠭᠦᠰᠭᠡᠬᠦ ᠵᠡᠷᠭᠡ      ︹ ᠠᠩᠬᠠᠷᠬᠤ ᠵᠦᠢᠯ ︺ ᠦᠨᠳᠦᠷ ᠬᠠᠯᠠᠭᠤᠨ ᠳᠤ ᠬᠠᠯᠠᠭᠠᠬᠤ ᠶᠢ ᠴᠡᠭᠡᠷᠯᠡᠵᠦ᠂ ᠨᠤᠭᠤᠭ᠎ᠠ ᠬᠠᠭᠤᠷᠬᠤ ᠳᠤᠰᠤ ᠪᠠᠨ ᠤᠳᠤᠭ᠎ᠠ ᠮᠠᠨᠠᠷᠠᠳᠠᠯ᠎ᠠ ᠬᠠᠯᠠᠭᠠᠵᠤ ᠪᠤᠯᠬᠤ ᠦᠭᠡᠢ᠃ ᠶᠠᠭᠤᠮ᠎ᠠ ᠬᠠᠭᠠᠷᠢᠵᠤ ᠦᠯᠡᠳᠡᠭᠰᠡᠨ ᠳᠤᠰᠤ ᠶᠢ ᠳᠠᠬᠢᠨ ᠬᠠᠯᠠᠭᠠᠵᠤ ᠭᠡᠷᠡᠭᠯᠡᠪᠡᠯ ᠬᠦᠮᠦᠨ ᠤ ᠪᠡᠶ᠎ᠡ ᠳᠤ ᠬᠤᠬᠢᠷᠠᠯ ᠤᠴᠠᠷᠠᠭᠤᠯᠳᠠᠭ᠃      3 ᠬᠠᠯᠪᠠᠭ᠎ᠠ ᠠᠴᠠ ᠭᠡᠳᠦᠷᠡᠵᠦ ᠪᠤᠯᠬᠤ ᠦᠭᠡᠢ      ᠳᠤᠮᠳᠠᠳᠤᠴᠤᠳ ᠲᠤ ︽ᠳᠤᠰᠤ ᠭᠡᠳᠦᠷᠡᠵᠦ ᠪᠠᠶᠢᠬᠤ︾ ᠦᠵᠡᠭᠳᠡᠯ ᠨᠡᠶᠢᠳᠡᠮ ᠤᠷᠤᠰᠢᠵᠤ ᠪᠠᠶᠢᠨ᠎ᠠ᠃ ᠪᠠᠶᠢᠴᠠᠭᠠᠯᠳᠠ ᠠᠴᠠ ᠦᠵᠡᠪᠡᠯ᠂ ᠳᠤᠮᠳᠠᠳᠤ ᠤᠯᠤᠰ ᠤᠨ ᠬᠤᠳᠠ ᠶᠢᠨ ᠰᠠᠭᠤᠭᠠᠯᠢ ᠠᠷᠠᠳ ᠬᠦᠮᠦᠨ ᠳᠤᠮᠳᠠᠴᠢ ᠪᠠᠷ ᠡᠳᠦᠷ ᠲᠤ 49.1 ᠭᠷᠡᠮ ᠳᠤᠰᠤ ᠢᠳᠡᠵᠦ᠂ ᠳᠡᠭᠡᠭᠡᠳ ᠤᠯᠠᠩᠭᠢ ᠬᠦᠮᠦᠨ ᠤ ᠡᠳᠦᠷ ᠪᠤᠯᠭᠠᠨ ᠤ ᠳᠤᠰᠤ ᠢᠳᠡᠵᠦ ᠪᠠᠶᠢᠭ᠎ᠠ ᠬᠡᠮᠵᠢᠶ᠎ᠠ ᠨᠢ ᠦᠨᠳᠦᠰᠦᠨ ᠳᠡᠭᠡᠨ ᠪᠠᠷᠢᠮᠵᠢᠶ᠎ᠠ ᠠᠴᠠ ᠨᠢᠭᠡ ᠳᠡᠬᠢᠨ ᠢᠯᠡᠭᠦᠦ ᠪᠠᠶᠢᠨ᠎ᠠ᠃ ᠡᠨᠡ ᠪᠤᠯ ᠮᠠᠷᠢᠶᠠᠯᠠᠬᠤ ᠨᠤᠷᠮ᠎ᠠ ᠦᠨᠳᠦᠷ ᠪᠠᠶᠢᠭ᠎ᠠ ᠵᠢᠴᠢ ᠮᠠᠷᠢᠶᠠᠯᠠᠭᠰᠠᠨ ᠠᠴᠠ ᠪᠤᠯᠤᠭᠰᠠᠨ ᠤᠵᠢᠬ ᠡᠪᠡᠳᠴᠢᠨ ᠡᠭᠦᠰᠬᠦ ᠨᠤᠷᠮ᠎ᠠ ᠡᠳᠦᠷ ᠠᠴᠠ ᠡᠳᠦᠷ ᠨᠡᠮᠡᠭᠳᠡᠵᠦ ᠪᠠᠶᠢᠭ᠎ᠠ ᠰᠢᠯᠳᠠᠭᠠᠨ ᠤ ᠨᠢᠭᠡ ᠪᠤᠯᠤᠨ᠎ᠠ᠃      ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠦᠭᠯᠡᠭᠦᠷ︾᠎ ᠲᠤ᠂ ᠬᠦᠮᠦᠨ ᠳᠤᠮᠳᠠᠴᠢ ᠶᠢᠨ ᠨᠢᠭᠡ ᠡᠳᠦᠷ ᠤᠨ ᠢᠳᠡᠬᠦ ᠳᠤᠰᠤᠨ ᠤ ᠬᠡᠮᠵᠢᠶ᠎ᠠ ᠨᠢ 25 — 30 ᠭᠷᠡᠮ᠂ ᠡᠩ ᠤᠨ ᠴᠠᠭᠠᠨ ᠱᠠᠭᠠᠵᠠᠩ ᠬᠠᠯᠪᠠᠭ᠎ᠠ ᠪᠠᠷ ᠭᠤᠷᠪᠠ ᠪᠤᠯ ᠬᠦᠷᠴᠢᠬᠡᠨ᠎ᠠ ᠭᠡᠰᠡᠨ ᠵᠦᠪᠯᠡᠯᠭᠡ ᠦᠭᠭᠦᠭᠰᠡᠨ ᠪᠠᠶᠢᠨ᠎ᠠ᠃      ᠦᠷᠭᠦᠯᠵᠢ ᠭᠡᠷᠡᠭᠯᠡᠬᠦ 4 ᠵᠦᠢᠯ ᠤᠨ ᠳᠤᠰᠤ      ᠡᠯ᠎ᠠ ᠵᠦᠢᠯ ᠤᠨ ᠤᠷᠭᠤᠮᠠᠯ ᠤᠨ ᠳᠤᠰᠤᠨ ᠤ ᠰᠢᠮ᠎ᠠ ᠳᠡᠵᠢᠭᠡᠯ ᠤᠨ ᠪᠦᠷᠢᠯᠳᠦᠭᠦᠨ ᠨᠢ ᠠᠳᠠᠯᠢ ᠦᠭᠡᠢ ᠪᠠᠶᠢᠳᠠᠭ᠂ ᠬᠡᠷᠪᠡ ᠰᠢᠮ᠎ᠡ ᠳᠡᠵᠢᠭᠡᠯ ᠤᠨ ᠳᠡᠩᠴᠡᠭᠦᠷᠢ ᠶᠢ ᠪᠤᠳᠤᠯᠬᠢᠯᠠᠪᠠᠯ᠂ ᠶᠠᠭᠤᠨ ᠤ ᠡᠮᠦᠨ᠎ᠠ ᠡᠳᠡᠭᠡᠷ ᠳᠤᠰᠤᠨ ᠤ ᠰᠢᠮ᠎ᠠ ᠳᠡᠵᠢᠭᠡᠯ ᠤᠨ ᠪᠦᠷᠢᠯᠳᠦᠭᠦᠨ ᠢ ᠨᠢ ᠠᠩᠬᠠᠷᠬᠤ ᠭᠡᠷᠡᠭᠳᠡᠢ᠃       ᠠᠷᠤᠷ᠎ᠠ ᠶᠢᠨ ᠳᠤᠰᠤ      ᠠᠷᠤᠷ᠎ᠠ ᠶᠢᠨ ᠳᠤᠰᠤᠨ ᠳᠤ 80%᠎ ᠠᠴᠠ ᠳᠡᠭᠡᠭᠰᠢ ᠳᠤᠳᠠᠭᠤ ᠦᠭᠡᠭᠦᠨ ᠬᠦᠴᠢᠯ ᠠᠭᠤᠯᠵᠤ᠂ ᠡᠭᠦᠨ ᠤ ᠬᠢᠨᠢ 70%᠎ ᠨᠢ ᠳᠠᠩ ᠳᠤᠳᠠᠭᠤ ᠦᠬᠡᠭᠦᠨ ᠬᠦᠴᠢᠯ᠂ ᠳᠠᠷᠤᠢ ᠳᠤᠰᠤᠨ ᠬᠦᠴᠢᠯ ᠠᠭᠤᠯᠳᠠᠭ᠃      ᠳᠠᠪᠠᠭᠤᠯᠢᠬ᠄ ᠳᠤᠰᠤᠨ ᠬᠦᠴᠢᠯ ᠡᠯᠪᠡᠭ ᠠᠭᠤᠯᠤᠭᠰᠠᠨ ᠢᠳᠡᠭᠡᠨ ᠤ ᠳᠤᠰᠤ ᠢᠳᠡᠬᠦ ᠨᠢ ᠴᠢᠰᠦᠨ ᠤ ᠦᠭᠡᠬᠦ ᠶᠢ ᠪᠠᠭᠤᠷᠠᠭᠤᠯᠬᠤ᠂ ᠴᠢᠰᠦ ᠪᠦᠭᠡᠭᠡᠨᠡᠷᠡᠬᠦ ᠶᠢ ᠬᠤᠷᠢᠬᠯᠠᠬᠤ᠂ ᠯᠤᠬᠰᠢᠭᠤᠨ ᠰᠤᠳᠠᠯ ᠳᠤ ᠦᠳᠭᠡᠷᠡᠭᠰᠡᠨ ᠪᠦᠭᠡᠮ ᠭᠠᠷᠭᠠᠬᠤ ᠶᠢ ᠬᠤᠷᠢᠬᠯᠠᠬᠤ ᠳᠤ ᠠᠰᠢᠭᠳᠠᠢ ᠪᠠᠶᠢᠳᠠᠭ᠃ ᠠᠷᠤᠷ᠎ᠠ ᠶᠢᠨ ᠳᠤᠰᠤᠨ ᠳᠤ ᠪᠠᠰᠠ ᠢᠰᠦᠯᠳᠦᠬᠦ ᠶᠢ ᠬᠤᠷᠢᠬᠯᠠᠳᠠᠭ ᠠᠷᠤᠷ᠎ᠠ ᠶᠢᠨ ᠨᠡᠶᠢᠯᠡᠮᠡᠯ ᠹᠧᠨᠤᠯ ᠵᠡᠷᠭᠡ ᠶᠢ ᠠᠭᠤᠯᠵᠤ᠂ ᠵᠢᠷᠦᠭᠡ ᠴᠢᠰᠦᠨ ᠰᠤᠳᠠᠯ ᠤᠨ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ ᠪᠠᠶᠢᠳᠠᠭ᠃ ᠴᠠᠢ ᠶᠢᠨ ᠦᠷ᠎ᠡ ᠶᠢᠨ ᠳᠤᠰᠤ ᠪᠠ ᠠᠷᠤᠷ᠎ᠠ ᠶᠢᠨ ᠳᠤᠰᠤ ᠨᠢ ᠳᠤᠩ ᠳᠦᠰᠳᠡᠢ ᠪᠠᠶᠢᠳᠠᠭ᠂ ᠰᠢᠮ᠎ᠡ ᠳᠡᠵᠢᠭᠡᠯ ᠤᠨ ᠦᠷᠳᠡᠭ ᠨᠢ ᠳᠡᠮᠡᠢ ᠢᠯᠭᠠᠭ᠎ᠠ ᠦᠭᠡᠢ᠂ ᠮᠠᠨ ᠤ ᠤᠯᠤᠰ ᠤᠨ ᠦᠢᠯᠡᠳᠪᠦᠷᠢᠯᠡᠭᠰᠡᠨ ᠴᠠᠢ ᠶᠢᠨ ᠦᠷ᠎ᠡ ᠶᠢᠨ ᠳᠤᠰᠤᠨ ᠤ ᠴᠢᠨᠠᠷ ᠨᠢ ᠰᠠᠶᠢᠨ ᠦᠨ᠎ᠡ ᠨᠢ ᠬᠢᠮᠳᠠ ᠪᠠᠶᠢᠳᠠᠭ᠃       ᠳᠤᠳᠠᠭᠳᠠᠯ᠄ ᠰᠢᠷ᠎ᠡ ᠪᠤᠷᠴᠠᠭ ᠤᠨ ᠳᠤᠰᠤ ᠲᠠᠢ ᠠᠳᠠᠯᠢᠳᠬᠠᠪᠠᠯ᠂ ᠠᠷᠤᠷ᠎ᠠ ᠶᠢᠨ ᠳᠤᠰᠤ ᠪᠠ ᠴᠠᠢ ᠶᠢᠨ ᠦᠷ᠎ᠡ ᠶᠢᠨ ᠳᠤᠰᠤᠨ ᠤ ᠸᠢᠲ᠋ᠠᠮᠢᠨ E᠎ ᠶᠢᠨ ᠠᠭᠤᠯᠤᠭᠳᠠᠴᠠ ᠨᠢ ᠳᠤᠤᠷ᠎ᠠ᠃      ᠯᠤᠬᠠᠱᠧᠩ ᠤᠨ ᠳᠤᠰᠤ      ᠯᠤᠬᠠᠱᠧᠩ ᠤᠨ ᠳᠤᠰᠤᠨ ᠳᠤ ᠠᠭᠤᠯᠬᠤ ᠬᠠᠨᠤᠮᠠᠯ ᠦᠭᠡᠬᠦᠨ ᠬᠦᠴᠢᠯ᠂ ᠳᠠᠩ ᠳᠤᠳᠠᠭᠤ ᠦᠭᠡᠭᠦᠨ ᠬᠦᠴᠢᠯ ᠪᠠ ᠨᠡᠶᠢᠯᠡᠮᠡᠯ ᠳᠤᠳᠠᠭᠤ ᠦᠭᠡᠭᠦᠨ ᠬᠦᠴᠢᠯ ᠤᠨ ᠬᠠᠷᠢᠴᠠᠯ ᠨᠢ ᠪᠠᠷᠤᠭ 3᠄ 4᠄ 3 ᠪᠠᠶᠢᠵᠤ᠂ ᠡᠯ᠎ᠠ ᠳᠦᠷᠦᠯ ᠤᠨ ᠦᠭᠡᠭᠦᠨ ᠬᠦᠴᠢᠯ ᠤᠨ ᠬᠠᠷᠢᠴᠠᠯ ᠨᠢ ᠦᠨᠳᠦᠰᠦᠨ ᠳᠡᠭᠡᠨ ᠳᠡᠩᠴᠡᠭᠦᠦ ᠪᠠᠶᠢᠳᠠᠬ᠃ ᠮᠠᠭᠠᠵᠢ ᠶᠢᠨ ᠳᠤᠰᠤ᠂ ᠠᠭᠠᠭ ᠤᠨ ᠳᠤᠰᠤ᠂ ᠳᠤᠤᠷ᠎ᠠ ᠭᠠᠶᠢᠮᠤ ᠬᠦᠴᠢᠯᠳᠦ ᠰᠢᠯᠢᠮᠳᠡᠭ ᠤᠨ ᠳᠤᠰᠤ ᠵᠡᠷᠭᠡ ᠨᠢ ᠳᠤᠰ ᠳᠦᠷᠦᠯ ᠳᠤ ᠪᠠᠭᠳᠠᠨ᠎ᠠ᠃      ᠳᠠᠪᠠᠭᠤᠯᠢᠬ᠄ ᠯᠤᠬᠠᠱᠧᠩ ᠤᠨ ᠳᠤᠰᠤ ᠨᠢ ᠦᠨᠦᠷ ᠰᠠᠶᠢᠳᠠᠢ᠂ ᠸᠢᠲ᠋ᠠᠮᠢᠨ E᠂ ᠬᠤᠯᠤᠤᠪᠠᠩ ᠤᠨ ᠡᠳ᠋ ᠵᠡᠷᠭᠡ ᠰᠢᠮ᠎ᠡ ᠳᠡᠵᠢᠭᠡᠯ ᠤᠨ ᠪᠦᠷᠢᠯᠳᠦᠭᠦᠨ ᠡᠯᠪᠡᠭ ᠪᠠᠶᠢᠳᠠᠭ᠃ ᠮᠠᠭᠠᠵᠢ ᠶᠢᠨ ᠳᠤᠰᠤᠨ ᠳᠤ ᠸᠢᠲ᠋ᠠᠮᠢᠨ E᠂ ᠮᠠᠭᠠᠵᠢ ᠶᠢᠨ ᠡᠳ᠋᠂ ᠮᠠᠭᠠᠵᠢ ᠶᠢᠨ ᠹᠧᠨᠤᠯ᠂ ᠤᠷᠭᠤᠮᠠᠯ ᠤᠨ ᠭᠤᠨᠠᠨ ᠠᠯᠺᠤᠤᠯ ᠵᠡᠷᠭᠡ ᠶᠢ ᠠᠭᠤᠯᠵᠤ᠂ ᠵᠢᠷᠦᠭᠡ ᠴᠢᠰᠦᠨ ᠰᠤᠳᠠᠯ ᠤᠨ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ ᠪᠠᠶᠢᠳᠠᠭ᠃      ᠳᠤᠳᠠᠭᠳᠠᠯ᠄ ᠳᠤᠰᠤᠨ ᠬᠦᠴᠢᠯ ᠤᠨ ᠠᠭᠤᠯᠤᠭᠳᠠᠴᠠ ᠨᠢ ᠠᠷᠤᠷ᠎ᠠ ᠶᠢᠨ ᠳᠤᠰᠤ ᠪᠠ ᠴᠠᠢ ᠶᠢᠨ ᠦᠷ᠎ᠡ ᠶᠢᠨ ᠳᠤᠰᠤᠨ ᠠᠴᠠ ᠳᠤᠤᠷ᠎ᠠ ᠪᠠᠶᠢᠳᠠᠭ᠃      ᠰᠢᠷ᠎ᠡ ᠪᠤᠷᠴᠠᠭ ᠤᠨ ᠳᠤᠰᠤ      ᠰᠢᠷ᠎ᠡ ᠪᠤᠷᠴᠠᠭ ᠤᠨ ᠳᠤᠰᠤᠨ ᠳᠤ ᠳᠤᠳᠠᠭᠤ ᠳᠤᠰᠤᠨ ᠬᠦᠴᠢᠯ 51.7%᠂ ᠳᠤᠰᠤᠨ ᠬᠦᠴᠢᠯ 22.4%᠂ ᠶᠠᠮᠠ ᠬᠦᠴᠢᠯ 6.7% ᠪᠠ ᠬᠢᠯᠭᠠᠰᠤᠳᠤ ᠮᠤᠳᠤᠨ ᠬᠦᠴᠢᠯ 11.1% ᠠᠭᠤᠯᠤᠭᠳᠠᠵᠤ᠂ ᠳᠤᠳᠠᠭᠤ ᠳᠤᠰᠤᠨ ᠬᠦᠴᠢᠯ ᠡᠯᠪᠡᠭ ᠢᠳᠡᠭᠡᠨ ᠤ ᠳᠤᠰᠤᠨ ᠤ ᠳᠦᠷᠦᠯ ᠳᠤ ᠪᠠᠭᠳᠠᠨ᠎ᠠ᠃ ᠡᠷᠳᠡᠨᠢ ᠰᠢᠰᠢ ᠶᠢᠨ ᠳᠤᠰᠤ᠂ ᠨᠠᠷᠠᠨ ᠬᠤᠸᠠᠷ ᠤᠨ ᠦᠷ᠎ᠡ ᠶᠢᠨ ᠳᠤᠰᠤ᠂ ᠪᠤᠭᠤᠳᠠᠢ ᠶᠢᠨ ᠬᠦᠪᠦᠷᠡᠯ ᠤᠨ ᠳᠤᠰᠤ ᠵᠡᠷᠭᠡ ᠨᠢ ᠳᠤᠰ ᠳᠦᠷᠦᠯ ᠳᠤ ᠪᠠᠭᠳᠠᠨ᠎ᠠ᠃      ᠳᠠᠪᠠᠭᠤᠯᠢᠬ᠄ ᠰᠢᠷ᠎ᠡ ᠪᠤᠷᠴᠠᠭ ᠤᠨ ᠳᠤᠰᠤ᠂ ᠡᠷᠳᠡᠨᠢ ᠰᠢᠰᠢ ᠶᠢᠨ ᠳᠤᠰᠤ᠂ ᠨᠠᠷᠠᠨ ᠬᠤᠸᠠᠷ ᠤᠨ ᠦᠷ᠎ᠡ ᠶᠢᠨ ᠳᠤᠰᠤᠨ ᠳᠤ ᠪᠦᠷ ᠸᠢᠲ᠋ᠠᠮᠢᠨ E ᠡᠯᠪᠡᠭ ᠠᠭᠤᠯᠳᠠᠭ ᠠᠴᠠ ᠭᠠᠳᠠᠨ᠎ᠠ᠂ ᠪᠤᠷᠴᠠᠭ ᠤᠨ ᠳᠤᠰᠤᠨ ᠳᠤ ᠦᠨᠳᠡᠭᠡᠨ ᠤ ᠹᠤᠰᠹᠤᠷᠳᠤ ᠦᠭᠡᠬᠦ᠂ ᠡᠷᠳᠡᠨᠢ ᠰᠢᠰᠢ ᠶᠢᠨ ᠳᠤᠰᠤᠨ ᠳᠤ ᠢᠰᠦᠯᠳᠦᠬᠦ ᠶᠢ ᠬᠤᠷᠢᠬᠯᠠᠬᠤ ᠪᠤᠳᠠᠰ ᠠᠸᠧᠢ ᠬᠦᠴᠢᠯ ᠤᠨ ᠡᠰᠲ᠋ᠧᠷ᠂ ᠨᠠᠷᠠᠨ ᠬᠤᠸᠠᠷ ᠤᠨ ᠦᠷ᠎ᠡ ᠶᠢᠨ ᠳᠤᠰᠤᠨ ᠳᠤ ᠤᠷᠭᠤᠮᠠᠯ ᠤᠨ ᠭᠤᠨᠠᠨ ᠠᠯᠺᠤᠤᠯ ᠪᠠ ᠹᠤᠰᠹᠤᠷᠳᠤ ᠦᠭᠡᠬᠦ ᠡᠯᠪᠡᠭ ᠠᠭᠤᠯᠵᠤ᠂ ᠳᠤᠰ ᠳᠤᠰ ᠢᠶᠠᠷ ᠢᠶᠠᠨ ᠡᠷᠡᠭᠦᠯ ᠮᠡᠨᠳᠦ ᠶᠢ ᠳᠡᠳᠭᠦᠬᠦ ᠦᠢᠯᠡᠳᠦᠯ ᠲᠠᠢ ᠪᠠᠶᠢᠵᠤ᠂ ᠰᠢᠬᠠᠮᠠᠯ ᠨᠠᠷᠠᠨ ᠬᠤᠸᠠᠷ ᠤᠨ ᠦᠷ᠎ᠡ ᠶᠢᠨ ᠳᠤᠰᠤᠨ ᠤ ᠢᠰᠦᠯᠳᠦᠬᠦ ᠶᠢ ᠬᠤᠷᠢᠬᠯᠠᠬᠤ ᠪᠦᠷᠢᠯᠳᠡᠭᠦᠨ ᠨᠢ ᠡᠯᠪᠡᠭ ᠪᠠᠶᠢᠳᠠᠭ᠃      ᠳᠤᠳᠠᠭᠳᠠᠯ᠄ ᠳᠤᠳᠠᠭᠤ ᠳᠤᠰᠤᠨ ᠬᠦᠴᠢᠯ ᠪᠠ ᠶᠠᠮᠠ ᠬᠦᠴᠢᠯ ᠨᠢ ᠪᠦᠷ ᠬᠠᠯᠠᠭᠤᠨ ᠳᠤ ᠳᠡᠰᠪᠦᠷᠢ ᠦᠭᠡᠢ ᠠᠴᠠ ᠪᠤᠯᠵᠤ᠂ ᠳᠤᠰ ᠳᠦᠷᠦᠯ ᠤᠨ ᠳᠤᠰᠤ ᠪᠠᠷ ᠬᠠᠭᠠᠷᠢᠬᠤ ᠪᠤᠴᠠᠯᠭᠠᠬᠤ ᠪᠤᠶᠤ ᠪᠠᠶᠢᠨ ᠳᠠᠬᠢᠨ ᠬᠠᠯᠠᠭᠠᠬᠤ ᠳᠤ ᠬᠦᠷᠪᠡᠯ᠂ ᠠᠮᠠᠷᠬᠠᠨ ᠢᠰᠦᠯᠳᠦᠨ ᠪᠦᠭᠡᠭᠡᠨᠡᠷᠡᠵᠦ᠂ ᠡᠷᠡᠭᠦᠯ ᠮᠡᠨᠳᠤ ᠳᠤ ᠠᠰᠢᠬ ᠦᠭᠡᠢ ᠪᠤᠯᠳᠠᠭ᠃      ᠭᠠᠭ᠋ᠠᠢ ᠶᠢᠨ ᠳᠤᠰᠤ      ᠭᠠᠭ᠋ᠠᠢ ᠶᠢᠨ ᠳᠤᠰᠤᠨ ᠳᠤ ᠬᠠᠨᠤᠮᠠᠯ ᠦᠭᠡᠭᠦᠨ ᠬᠦᠴᠢᠯ 43.2%᠂ ᠳᠤᠰᠤᠨ ᠬᠦᠴᠢᠯ 44.2%᠂ ᠳᠤᠳᠠᠭᠤ ᠳᠤᠰᠤᠨ ᠬᠦᠴᠢᠯ 8.9% ᠠᠭᠤᠯᠵᠤ᠂ ᠬᠠᠨᠤᠮᠠᠯ ᠦᠭᠡᠬᠦᠨ ᠬᠦᠴᠢᠯ ᠡᠯᠪᠡᠭ ᠢᠳᠡᠭᠡᠨ ᠤ ᠳᠤᠰᠤᠨ ᠤ ᠳᠦᠷᠦᠯ ᠳᠤ ᠪᠠᠭᠳᠠᠨ᠎ᠠ᠃ ᠰᠢᠷ᠎ᠡ ᠳᠤᠰᠤ᠂ ᠬᠤᠨᠢ ᠦᠭᠡᠷ ᠤᠨ ᠳᠤᠰᠤ ᠵᠡᠷᠭᠡ ᠠᠮᠢᠳᠠᠨ ᠤ ᠭᠠᠷᠤᠯ ᠲᠠᠢ ᠳᠤᠰᠤ ᠪᠠ ᠬᠢᠯᠭᠠᠰᠤᠳᠤ ᠮᠤᠳᠤᠨ ᠤ ᠳᠤᠰᠤ᠂ ᠨᠠᠷᠭᠢᠯ ᠤᠨ ᠳᠤᠰᠤ ᠵᠡᠷᠭᠡ ᠤᠷᠭᠤᠮᠠᠯ ᠤᠨ ᠳᠤᠰᠤ ᠨᠢ ᠳᠤᠰ ᠳᠦᠷᠦᠯ ᠳᠤ ᠪᠠᠭᠳᠠᠨ᠎ᠠ᠃      ᠳᠠᠪᠠᠭᠤᠯᠢᠬ᠄ ᠬᠠᠨᠤᠮᠠᠯ ᠴᠢᠨᠠᠷ ᠨᠢ ᠦᠨᠳᠦᠷ ᠪᠤᠯᠬᠤᠷ ᠳᠤᠰ ᠳᠦᠷᠦᠯ ᠤᠨ ᠳᠤᠰᠤ ᠨᠢ ᠬᠠᠯᠠᠭᠤᠨ ᠳᠤ ᠳᠡᠰᠪᠦᠷᠢᠳᠡᠢ᠂ ᠤᠷᠳᠤ ᠬᠤᠭᠤᠴᠠᠭ᠎ᠠ ᠪᠠᠷ ᠬᠠᠯᠠᠭᠠᠬᠰᠠᠨ ᠴᠤ ᠢᠰᠦᠯᠳᠦᠨ ᠪᠦᠭᠡᠭᠡᠨᠡᠷᠡᠬᠦ ᠨᠢ ᠪᠠᠭ᠎ᠠ ᠪᠠᠶᠢᠳᠠᠭ ᠪᠤᠯ ᠳᠤᠰ ᠳᠦᠷᠦᠯ ᠤᠨ ᠳᠤᠰᠤᠨ ᠤ ᠢᠯᠡᠷᠭᠡᠢ ᠳᠠᠪᠠᠭᠤᠯᠢᠬ ᠪᠤᠯᠤᠨ᠎ᠠ᠃ ᠳᠡᠶᠢᠮᠦ ᠠᠴᠠ ᠳᠤᠰ ᠳᠦᠷᠦᠯ ᠤᠨ ᠳᠤᠰᠤ ᠪᠠᠷ ᠭᠤᠯᠢᠷ ᠤᠨ ᠢᠳᠡᠭᠡᠨ ᠬᠢᠬᠦ᠂ ᠬᠠᠭᠠᠷᠢᠵᠤ ᠪᠤᠴᠠᠯᠭᠠᠬᠤ ᠳᠤ ᠳᠤᠬᠢᠷᠠᠮᠵᠢᠳᠠᠢ ᠪᠠᠶᠢᠳᠠᠭ᠃      ᠳᠤᠳᠠᠭᠳᠠᠯ᠄ ᠤᠯᠠᠩᠭᠢ ᠠᠮᠢᠳᠠᠨ ᠤ ᠦᠭᠡᠬᠦ ᠳᠤᠰᠤ ᠨᠢ ᠰᠦᠰᠦᠨ ᠤ ᠭᠤᠨᠠᠨ ᠠᠯᠺᠤᠤᠯ ᠤᠨ ᠠᠭᠤᠯᠤᠭᠳᠠᠴᠠ ᠪᠠᠷ ᠦᠨᠳᠦᠷ ᠪᠠᠶᠢᠳᠠᠭ ᠪᠤᠯᠬᠤᠷ ᠵᠢᠷᠦᠭᠡ ᠴᠢᠰᠦᠨ ᠰᠤᠳᠠᠯ ᠤᠨ ᠡᠪᠡᠳᠴᠢᠨ ᠲᠠᠢ ᠬᠦᠮᠦᠨ ᠢᠳᠡᠬᠦ ᠳᠤ ᠵᠤᠬᠢᠷᠠᠬᠤ ᠦᠭᠡᠢ᠃
ᠨᠠᠶᠢᠷᠠᠭᠤᠯᠤᠭᠴᠢ᠄
ᠴᠡᠯᠮᠡᠭ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号