ᠨᠠᠷᠠᠨ ᠳᠤ ᠭᠡᠳᠦ ᠰᠢᠷᠠᠭᠳᠠᠪᠠᠯ ᠠᠷᠠᠰᠤᠨ ᠤ ᠦᠮᠡᠨ ᠤᠯᠬᠤ ᠠᠶᠤᠯᠳᠠᠢ
2018-07-02 11:57:25
ᠵᠣᠬᠢᠶᠠᠭᠴᠢ᠄ 
ᠣᠩᠰᠢᠭᠰᠠᠨ ᠣᠳᠠᠭ᠎ᠠ᠄ 
★★★☆☆
      ᠠᠩᠭ᠍ᠯᠢ ᠶᠢᠨ ᠬᠠᠮᠢᠶ᠎ᠠ ᠪᠦᠬᠦᠢ ᠰᠡᠳᠭᠦᠯ ᠳᠤ ︽ᠵᠠᠷᠢᠮ ᠨᠢᠭᠡ ᠭᠧᠨ ᠤ ᠪᠠᠶᠢᠷᠢ ᠴᠡᠭ ᠨᠢ ᠬᠦᠮᠦᠨ ᠤ ᠰᠢᠷᠠᠭᠳᠠᠵᠤ ᠰᠢᠷᠬᠠᠳᠤᠬᠤ ᠠᠶᠤᠯ ᠢ ᠳᠤᠭᠳᠠᠭᠠᠵᠤ ᠳᠡᠶᠢᠯᠳᠡᠭ᠂ ᠡᠨᠡ ᠨᠢ ᠬᠦᠮᠦᠨ ᠤ ᠠᠷᠠᠰᠤᠨ ᠤ ᠦᠮᠡᠨ ᠳᠤ ᠨᠡᠷᠪᠡᠭᠳᠡᠬᠦ ᠠᠶᠤᠯ ᠢ ᠨᠦᠯᠦᠭᠡᠯᠡᠵᠦ ᠮᠡᠳᠡᠨ᠎ᠠ︾ ᠭᠡᠰᠡᠨ ᠰᠤᠳᠤᠯᠭᠠᠨ ᠤ ᠳ᠋ᠦᠩ ᠢ ᠤᠢᠢᠷ᠎ᠠ ᠳᠤ ᠨᠡᠶᠢᠳᠡᠯᠡᠭᠰᠡᠨ ᠪᠠᠶᠢᠨ᠎ᠠ᠃      ᠠᠷᠠᠰᠤ ᠨᠠᠷᠠᠨ ᠳᠤ ᠰᠢᠷᠠᠭᠳᠠᠭᠠᠳ ᠬᠠᠷᠠᠯᠠᠭᠰᠠᠨ ᠪᠢᠰᠢ ᠬᠠᠷᠢᠨ ᠰᠢᠷᠬᠠᠳᠤᠭᠰᠠᠨ ᠪᠠᠶᠢᠬᠤ ᠪᠤᠯ ᠶᠠᠬ ᠠᠷᠠᠰᠤᠨ ᠤ ᠦᠮᠡᠨ ᠡᠭᠦᠰᠬᠦ ᠭᠤᠤᠯ ᠪᠤᠯᠬᠤ ᠠᠶᠤᠯᠳᠠᠢ ᠡᠯᠧᠮᠧᠨ᠋ᠲ ᠪᠤᠯᠤᠨ᠎ᠠ᠃      ︽ᠪᠢᠳᠠ ᠭᠧᠨ ᠨᠢ ᠬᠠᠷ᠎ᠠ ᠡᠳ᠋ ᠠᠴᠠ ᠪᠤᠯᠤᠬᠰᠠᠨ ᠬᠠᠪᠤᠳᠠᠷ ᠤᠨ ᠠᠶᠤᠯ ᠯᠤᠭ᠎ᠠ ᠬᠤᠯᠪᠤᠭ᠎ᠠ ᠲᠠᠢ ᠭᠡᠳᠡᠭ ᠢ ᠢᠯᠡᠳᠭᠡᠵᠦ ᠳᠡᠶᠢᠯᠬᠦ ᠪᠠᠷᠢᠮᠳᠠ ᠤᠯᠤᠬᠰᠠᠨ᠂ ᠳᠡᠷᠡ ᠨᠢ ᠭᠤᠤᠯᠳᠠᠭᠤ ᠰᠢᠷᠠᠭᠳᠠᠵᠤ ᠰᠢᠷᠬᠠᠳᠤᠬᠤ ᠪᠠᠷ ᠳᠠᠮᠵᠢᠵᠤ ᠦᠢᠯᠡᠳᠦᠯ ᠦᠵᠡᠭᠦᠯᠵᠦ ᠪᠠᠶᠢᠨ᠎ᠠ︾ ᠭᠡᠵᠦ ᠰᠤᠳᠤᠯᠭᠠᠨ ᠳᠤ ᠤᠷᠤᠯᠴᠠᠭᠰᠠᠨ ᠰᠤᠳᠤᠯᠤᠭᠠᠴᠢ ᠢᠯᠡᠷᠭᠡᠶᠢᠯᠡᠵᠡᠢ᠃      ᠨᠠᠷᠠᠨ ᠳᠤ ᠵᠤᠬᠢᠬᠤ ᠬᠡᠮᠵᠢᠶ᠎ᠠ ᠪᠠᠷ ᠰᠢᠷᠠᠬᠤ ᠪᠤᠯ ᠰᠠᠶᠢᠨ ᠶᠠᠪᠤᠳᠠᠯ᠂ ᠭᠡᠪᠡᠴᠦ ᠨᠠᠷᠠᠨ ᠳᠤ ᠰᠢᠷᠠᠭᠳᠠᠭᠠᠳ ᠡᠪᠡᠳᠴᠤ ᠬᠤᠷᠤᠰᠬᠤ ᠪᠠᠶᠢᠳᠠᠯ ᠢᠯᠡᠷᠡᠪᠡᠯ ᠡᠷᠡᠭᠦᠯ ᠮᠡᠨᠳᠤ ᠳᠤ ᠬᠤᠬᠢᠷᠠᠯ ᠤᠴᠠᠷᠠᠭᠤᠯᠳᠠᠭ᠃
         
      ︽ᠰᠢᠷᠠᠭᠳᠠᠵᠤ ᠰᠢᠷᠬᠠᠳᠤᠬᠤ ᠨᠢ ᠳᠤᠩ ᠠᠶᠤᠯᠳᠠᠢ ᠭᠡᠳᠡᠭ ᠢ ᠬᠦᠮᠦᠰ ᠶᠡᠷᠦᠨᠢ ᠰᠠᠨᠠᠭᠠᠨ ᠳᠠᠭᠠᠨ ᠠᠪᠳᠠᠭ ᠦᠭᠡᠢ᠃ ᠠᠷᠠᠰᠤᠨ ᠤ ᠦᠮᠡᠨ ᠡᠭᠦᠰᠬᠦ ᠨᠤᠷᠮ᠎ᠠ ᠨᠡᠮᠡᠭᠳᠡᠵᠦ ᠯᠡ ᠪᠠᠶᠢᠨ᠎ᠠ᠂ ᠪᠢᠳᠠ ᠰᠢᠷᠠᠬᠳᠠᠵᠤ ᠰᠢᠷᠬᠠᠳᠤᠬᠤ ᠪᠠ ᠠᠷᠠᠰᠤᠨ ᠤ ᠦᠮᠡᠨ ᠤ ᠬᠤᠭᠤᠷᠤᠨᠳᠤ ᠭᠧᠨ ᠤ ᠬᠤᠯᠪᠤᠭ᠎ᠠ ᠲᠠᠢ ᠭᠡᠳᠡᠭ ᠢ ᠬᠦᠮᠦᠰ ᠲᠤ ᠬᠡᠯᠡᠭᠡᠳ ᠦᠭᠪᠡᠯ ᠳᠡᠳᠡᠨ ᠤ ᠡᠷᠡᠭᠦᠯ ᠰᠠᠷᠠᠭᠤᠯ ᠠᠮᠢᠳᠤᠷᠠᠯ ᠤᠨ ᠳᠠᠳᠬᠠᠯ ᠢ ᠡᠷᠭᠢᠮᠯᠡᠬᠦ᠂ ᠬᠦᠮᠦᠵᠢᠭᠦᠯᠬᠦ ᠳᠤᠨᠢ ᠳᠤᠰᠠ ᠪᠤᠯᠬᠤ ᠪᠤᠯᠪᠠᠤ ᠭᠡᠵᠦ ᠪᠤᠳᠤᠭᠰᠠᠨ ᠶᠤᠮ︾ ᠭᠡᠵᠦ ᠰᠤᠳᠤᠯᠤᠭᠠᠴᠢᠳ ᠶᠠᠷᠢᠬᠰᠠᠨ ᠪᠠᠶᠢᠨ᠎ᠠ᠃      ᠨᠢᠭᠡ ᠡᠳᠦᠷ ᠤᠨ 10᠄ 00 — 16᠄ 00 ᠴᠠᠭ ᠪᠤᠯ ᠭᠦᠷᠢᠨ ᠤ ᠭᠠᠳᠠᠨᠠᠬᠢ ᠳᠤᠶᠠᠭ᠎ᠠ ᠬᠠᠮᠤᠭ ᠤᠨ ᠴᠢᠩᠭ᠎ᠠ ᠴᠠᠭ ᠪᠤᠯᠤᠨ᠎ᠠ᠂ ᠡᠨᠡᠬᠦ ᠬᠤᠭᠤᠴᠠᠭᠠᠨ ᠳᠤ ᠨᠠᠷᠠᠨ ᠳᠤ ᠶᠠᠪᠤᠬᠤ ᠪᠠᠨ ᠴᠦᠭᠡᠴᠢᠯᠡᠪᠡᠯ ᠵᠤᠬᠢᠨ᠎ᠠ᠃ ᠬᠡᠷᠪᠡ ᠭᠠᠳᠠᠨ᠎ᠠ ᠶᠠᠪᠤᠬᠤ ᠴᠢᠬᠤᠯᠠ ᠲᠠᠢ ᠪᠤᠯᠪᠠᠯ᠂ ᠰᠢᠷᠠᠭᠳᠠᠬᠤ ᠠᠴᠠ ᠰᠡᠷᠭᠡᠶᠢᠯᠡᠬᠦ ᠠᠷᠭ᠎ᠠ ᠬᠡᠮᠵᠢᠶ᠎ᠠ ᠠᠪᠤᠪᠠᠯ ᠵᠤᠬᠢᠨ᠎ᠠ᠃       ᠳᠤᠤᠷ᠎ᠠ ᠪᠢᠳᠠ ᠨᠠᠷᠠᠨ ᠳᠤ ᠰᠢᠷᠠᠭᠳᠠᠵᠤ ᠰᠢᠷᠬᠠᠳᠤᠬᠤ ᠠᠴᠠ ᠰᠡᠷᠭᠡᠶᠢᠯᠡᠬᠦ ᠳᠤ ᠵᠤᠷᠢᠭᠤᠯᠤᠭᠰᠠᠨ ᠡᠳ᠋ᠯᠡᠯ ᠭᠡᠷᠡᠭᠯᠡᠯ ᠤᠨ ᠳᠤᠬᠠᠢ ᠳᠦᠭᠦᠮ ᠳᠠᠨᠢᠯᠴᠠᠭᠤᠯᠭ᠎ᠠ ᠬᠢᠰᠦᠭᠡᠢ᠃              ᠨᠠᠷᠠᠨ ᠤ ᠰᠢᠬᠦᠷ        ᠵᠤᠨ ᠤ ᠤᠯᠠᠷᠢᠯ ᠳᠤ᠂ UPF ᠭᠡᠮᠵᠢᠭᠳᠡᠯ ︵ᠬᠦᠷᠢᠨ ᠤ ᠭᠠᠳᠠᠨᠠᠬᠢ ᠳᠤᠶᠠᠭ᠎ᠠ ᠶᠢᠨ ᠨᠡᠪᠳᠡᠯᠬᠦ ᠬᠡᠮᠵᠢᠶ᠎ᠠ︶᠎ ᠨᠢ 40᠎ ᠠᠴᠠ ᠶᠡᠭᠡ᠂ UVA ᠭᠡᠮᠵᠢᠭᠳᠡᠯ ︵ᠬᠦᠷᠢᠨ ᠤ ᠭᠠᠳᠠᠨᠠᠬᠢ ᠳᠤᠶᠠᠭ᠎ᠠ ᠶᠢᠨ ᠬᠦᠮᠦᠨ ᠤ ᠪᠡᠶ᠎ᠡ ᠳᠤ ᠬᠠᠮᠤᠭ ᠤᠨ ᠢᠯᠡᠭᠦᠦ ᠬᠤᠤᠷ ᠲᠠᠢ ᠶᠡᠬᠡᠩᠬᠢ ᠳᠤᠯᠬᠢᠶᠠᠨ ᠤ ᠭᠡᠰᠡᠭ︶᠎ ᠨᠢ 5%᠎ ᠠᠴᠠ ᠪᠠᠭ᠎ᠠ ᠭᠡᠰᠡᠨ ᠵᠢᠭᠠᠯᠳᠠ ᠲᠠᠢ ᠰᠢᠬᠦᠷ ᠢ ᠰᠤᠩᠭᠤᠵᠤ ᠬᠡᠷᠡᠭᠯᠡᠪᠡᠯ ᠵᠤᠬᠢᠨ᠎ᠠ᠃
      ᠨᠡᠭᠡᠮᠡᠯ ᠨᠢ ᠨᠢᠬᠳᠠ᠂ ᠳᠤᠳᠤᠷ᠎ᠠ ᠳᠠᠯ᠎ᠠ ᠳᠠᠭᠠᠨ ᠬᠠᠷ᠎ᠠ ᠪᠤᠶᠤ ᠭᠦᠨ ᠦᠩᠭᠡ ᠶᠢᠨ ᠭᠦᠷᠢᠨ ᠤ ᠭᠠᠳᠠᠨᠠᠬᠢ ᠳᠤᠶᠠᠭ᠎ᠠ ᠨᠡᠪᠳᠡᠷᠡᠬᠦ ᠶᠢ ᠰᠡᠷᠭᠡᠶᠢᠯᠡᠳᠡᠭ ᠴᠠᠷᠳᠠᠮᠠᠯ ᠲᠠᠢ ᠰᠢᠬᠦᠷ ᠤᠨ ᠰᠢᠷᠠᠭᠳᠠᠬᠤ ᠠᠴᠠ ᠰᠡᠷᠭᠡᠶᠢᠯᠡᠬᠦ ᠦᠢᠯᠡᠳᠦᠯ ᠨᠢ ᠨᠡᠩ ᠰᠠᠶᠢᠨ ᠪᠠᠶᠢᠳᠠᠭ᠃      ᠰᠢᠬᠦᠷ ᠬᠤᠳᠠᠯᠳᠤᠨ ᠠᠪᠬᠤ ᠳᠠᠭᠠᠨ ᠨᠠᠷᠠᠨ ᠳᠤᠤᠷ᠎ᠠ ᠭᠡᠰᠡᠭ ᠬᠤᠭᠤᠴᠠᠭ᠎ᠠ ᠰᠢᠷᠠᠵᠤ ᠦᠵᠡ᠂ ᠳᠡᠭᠡᠭᠡᠳ ᠳᠤᠳᠤᠷ᠎ᠠ ᠳᠠᠯ᠎ᠠ ᠶᠢ ᠨᠢ ᠳᠡᠮᠳᠡᠷᠢᠬᠦ ᠳᠤ ᠶᠡᠭᠡ ᠬᠠᠯᠠᠭᠰᠠᠨ ᠦᠭᠡᠢ ᠪᠠᠶᠢᠪᠠᠯ ᠰᠢᠷᠠᠭᠳᠠᠬᠤ ᠶᠢ ᠰᠡᠷᠭᠡᠶᠢᠯᠡᠬᠦ ᠦᠢᠯᠡᠳᠦᠯ ᠨᠢ ᠰᠠᠶᠢᠨ ᠪᠠᠶᠢᠳᠠᠭ᠃              ᠨᠠᠷᠠᠨ ᠤ ᠣ     ᠴᠠᠭ ᠠᠭᠤᠷ ᠤᠨ ᠪᠠᠶᠢᠳᠠᠯ ᠢ ᠦᠨᠳᠦᠰᠦᠯᠡᠨ ᠭᠡᠷᠡᠭᠯᠡᠬᠦ ᠨᠠᠷᠠᠨ ᠤ ᠣ ᠶᠢᠨ ᠢᠶᠠᠨ ᠰᠢᠷᠠᠬᠳᠠᠬᠤ ᠶᠢ ᠰᠡᠷᠭᠡᠶᠢᠯᠡᠬᠦ ᠵᠢᠭᠠᠯᠳᠠ ᠳᠤᠭ᠎ᠠ ᠶᠢ ᠨᠢ ᠳᠤᠭᠳᠠᠭᠠᠨ᠎ᠠ᠃ ᠨᠠᠷᠠᠨ ᠤ ᠣ ᠶᠢᠨ ᠰᠢᠷᠠᠬᠳᠠᠬᠤ ᠶᠢ ᠰᠡᠷᠭᠡᠶᠢᠯᠡᠬᠦ ᠵᠢᠭᠠᠯᠳᠠ ᠳᠤᠭ᠎ᠠ ᠨᠢ ᠬᠡᠳᠦᠢ ᠦᠨᠳᠦᠷ ᠪᠤᠯ ᠳᠡᠳᠦᠢ ᠰᠠᠶᠢᠨ ᠭᠡᠰᠡᠨ ᠶᠠᠪᠤᠳᠠᠯ ᠦᠭᠡᠢ᠂ ᠪᠦᠷᠭᠦᠭ ᠡᠳᠦᠷ ᠪᠤᠶᠤ ᠮᠤᠳᠤᠨ ᠤ ᠰᠡᠭᠦᠳᠡᠷ ᠲᠤ ᠬᠦᠳᠡᠯᠭᠡᠭᠡᠨ ᠬᠢᠪᠡᠯ SPF15 — 25᠎ ᠶᠢ ᠰᠤᠩᠭᠤᠨ᠎ᠠ︔ ᠰᠢᠭᠤᠳ ᠨᠠᠷᠠᠨ ᠳᠤᠤᠷ᠎ᠠ ᠠᠵᠢᠯᠯᠠᠪᠠᠯ SPF25 — 30᠎ ᠶᠢ ᠰᠤᠩᠭᠤᠨ᠎ᠠ︔ ᠳᠠᠯᠠᠢ ᠶᠢᠨ ᠳᠠᠩ᠂ ᠦᠨᠳᠦᠷᠯᠢᠭ᠂ ᠴᠠᠰᠤᠳᠤ ᠠᠭᠤᠯᠠᠨ ᠳᠤ ᠶᠠᠪᠤᠪᠠᠯ SPF50᠎ ᠶᠢ ᠭᠡᠷᠡᠭᠯᠡᠬᠦ ᠵᠦᠪᠯᠡᠮᠵᠢ ᠦᠭᠴᠦ ᠪᠠᠶᠢᠨ᠎ᠠ᠃
      ᠵᠤᠨ ᠤ ᠴᠠᠭ ᠬᠦᠯᠦᠰᠦ ᠶᠡᠭᠡ ᠭᠠᠷᠳᠠᠭ ᠢ ᠪᠤᠳᠤᠯᠭᠢᠯᠠᠵᠤ᠂ ᠡᠰᠡᠭᠦᠯ᠎ᠠ ᠤᠰᠤᠨ ᠳᠤ ᠤᠷᠤᠵᠤ ᠨᠠᠭᠠᠳᠬᠤ ᠦᠶ᠎ᠠ ᠳᠡᠭᠡᠨ ᠤᠰᠤ ᠬᠦᠯᠦᠰᠦᠨ ᠳᠤ ᠳᠠᠭᠠᠭᠠᠴᠠ ᠲᠠᠢ ᠨᠠᠷᠠᠨ ᠤ ᠣ ᠭᠡᠷᠡᠭᠯᠡᠪᠠᠯ ᠨᠡᠩ ᠰᠠᠶᠢᠨ᠃      ᠨᠠᠷᠠᠨ ᠤ ᠣ ᠭᠡᠷᠡᠭᠯᠡᠬᠦ ᠳᠤᠬᠠᠢ ᠬᠠᠮᠢᠶ᠎ᠠ ᠪᠦᠬᠦᠢ ᠰᠤᠳᠤᠯᠭᠠᠨ ᠠᠴᠠ ᠦᠵᠡᠪᠡᠯ᠂ ᠳᠡᠭᠰᠢ ᠳᠦᠷᠪᠡᠯᠵᠢᠨ ᠮᠢᠯᠢᠮᠧᠲᠷ ᠳᠤᠰᠤᠮ ᠳᠤ 2 ᠮᠢᠯᠢᠭᠷᠡᠮ ᠨᠠᠷᠠᠨ ᠤ ᠣ ᠳᠦᠷᠭᠢᠬᠦ ᠱᠠᠭᠠᠷᠳᠠᠯᠭ᠎ᠠ ᠲᠠᠢ ᠪᠠᠶᠢᠨ᠎ᠠ᠂ ᠳᠠᠷᠤᠢ ᠬᠤᠷᠤᠭᠤ ᠳᠠᠷᠤᠮ ᠭᠠᠵᠠᠷ ᠬᠢᠮᠦᠰᠦᠨ ᠳᠤᠯᠢᠨ ᠤ ᠬᠢᠷᠢ ᠨᠠᠷᠠᠨ ᠤ ᠣ ᠳᠦᠷᠭᠢᠨ᠎ᠠ ᠭᠡᠰᠡᠨ ᠦᠭᠡ᠃ ᠭᠡᠪᠡᠴᠦ ᠠᠮᠢᠳᠤᠷᠠᠯ ᠳᠤᠮᠳᠠ ᠤᠯᠠᠩᠭᠢ ᠬᠦᠮᠦᠰ ᠱᠠᠭᠠᠷᠳᠠᠭᠰᠠᠨ ᠬᠡᠮᠵᠢᠶᠡᠨ ᠤ 1/4 — 1/2᠎ ᠶᠢᠨ ᠬᠡᠮᠵᠢᠶ᠎ᠡ ᠲᠠᠢ ᠯᠡ ᠭᠡᠷᠡᠭᠯᠡᠵᠦ ᠪᠠᠶᠢᠨ᠎ᠠ᠃      ᠨᠠᠷᠠᠨ ᠳᠤ ᠭᠠᠷᠬᠤ ᠠᠴᠠ ᠪᠠᠨ ᠬᠠᠭᠠᠰ ᠴᠠᠭ ᠤᠨ ᠡᠮᠦᠨ᠎ᠠ ᠨᠠᠷᠠᠨ ᠤ ᠣ ᠪᠠᠨ ᠳᠦᠷᠭᠢᠨ᠎ᠠ᠂ ᠤᠷᠳᠤ ᠬᠤᠭᠤᠴᠠᠭ᠎ᠠ ᠪᠠᠷ ᠨᠠᠷᠠᠨ ᠳᠤᠤᠷ᠎ᠠ ᠪᠠᠶᠢᠬᠤ ᠪᠤᠯᠪᠠᠯ 2 — 3 ᠴᠠᠭ ᠲᠤ ᠨᠢᠭᠡ ᠤᠳᠠᠭ᠎ᠠ ᠨᠦᠬᠦᠵᠦ ᠳᠦᠷᠬᠢᠬᠦ ᠭᠡᠷᠡᠭᠳᠡᠢ᠃ ᠤᠷᠤᠭᠤᠯ᠂ ᠨᠢᠳᠤᠨ ᠤ ᠭᠡᠰᠡᠭ ᠲᠡᠭᠡᠨ ᠳᠤᠰᠬᠠᠢ ᠵᠤᠷᠢᠭᠤᠯᠤᠯᠳᠠ ᠲᠠᠢ ᠨᠠᠷᠠᠨ ᠤ ᠣ ᠭᠡᠷᠡᠭᠯᠡᠬᠦ ᠶᠢ ᠰᠠᠨᠠᠭᠤᠯᠵᠤ ᠪᠠᠶᠢᠨ᠎ᠠ᠃              ᠨᠠᠷᠠᠨ ᠤ ᠬᠤᠪᠴᠠᠰᠤ        ᠨᠠᠷᠠᠨ ᠤ ᠬᠤᠪᠴᠠᠰᠤ ᠬᠤᠳᠠᠯᠳᠤᠨ ᠠᠪᠬᠤ ᠳᠠᠭᠠᠨ ᠱᠤᠰᠢᠭ᠎ᠠ ᠶᠢ ᠨᠢ ᠦᠵᠡᠨ᠎ᠠ᠂ UPF ᠭᠡᠮᠵᠢᠭᠳᠡᠯ ᠨᠢ 30᠎ ᠠᠴᠠ ᠶᠡᠭᠡ᠂ UVA ᠭᠡᠮᠵᠢᠭᠳᠡᠯ ᠨᠢ 5%᠎ ᠠᠴᠠ ᠪᠠᠭ᠎ᠠ ᠪᠠᠶᠢᠳᠠᠭ ᠨᠢ ᠰᠠᠶ᠋ᠢ ᠬᠦᠷᠢᠨ ᠤ ᠭᠠᠳᠠᠨᠠᠬᠢ ᠳᠤᠶᠠᠭ᠎ᠠ ᠶᠢ ᠰᠡᠷᠭᠡᠶᠢᠯᠡᠬᠦ ᠦᠢᠯᠡᠳᠦᠯ ᠲᠠᠢ ᠪᠦᠲᠦᠭᠡᠭᠳᠡᠭᠦᠨ ᠪᠤᠯᠤᠨ᠎ᠠ᠂ ᠡᠨᠡ ᠬᠤᠶᠠᠷ ᠭᠡᠮᠵᠢᠭᠳᠡᠯ ᠤᠨ ᠠᠯᠢ ᠨᠢ ᠳᠤᠳᠠᠭᠰᠠᠨ ᠴᠤ ᠪᠤᠯᠬᠤ ᠦᠭᠡᠢ᠃ ᠡᠭᠦᠨ ᠳᠤ᠂ UPF ᠭᠡᠮᠵᠢᠭᠳᠡᠯ ᠨᠢ ᠭᠡᠳᠦᠢ ᠦᠨᠳᠦᠷ ᠪᠤᠯ ᠬᠦᠷᠢᠨ ᠤ ᠭᠠᠳᠠᠨᠠᠬᠢ ᠳᠤᠶᠠᠭ᠎ᠠ ᠶᠢ ᠬᠠᠯᠬᠠᠯᠠᠬᠤ ᠦᠢᠯᠡᠳᠦᠯ ᠨᠢ ᠳᠡᠳᠦᠢ ᠰᠠᠶᠢᠨ ᠪᠠᠶᠢᠳᠠᠭ᠃ ᠳᠡᠭᠡᠪᠡᠯ ᠪᠠᠰᠠ ᠨᠡᠶᠢᠯᠡᠮᠡᠯ ᠰᠢᠷᠭᠡᠭᠯᠢᠭ ᠢᠶᠠᠷ ᠬᠢᠭᠰᠡᠨ᠂ ᠨᠡᠭᠡᠮᠡᠯ ᠨᠢ ᠨᠢᠬᠳᠠ ᠵᠤᠵᠠᠭᠠᠨ ᠭᠡᠭᠡᠨ ᠦᠩᠭᠡ ᠲᠠᠢ ᠨᠠᠷᠠᠨ ᠤ ᠬᠤᠪᠴᠠᠰᠤ ᠰᠤᠩᠭᠤᠬᠤ ᠶᠢ ᠰᠠᠨᠠᠭᠠᠨ ᠳᠠᠭᠠᠨ ᠠᠪᠤᠭᠠᠷᠠᠢ᠃              ᠨᠠᠷᠠᠨ ᠮᠠᠯᠠᠭᠠᠢ ᠪᠠ ᠨᠢᠳᠤᠨ ᠰᠢᠯ       ᠦᠷᠭᠡᠨ ᠬᠦᠪᠡᠭᠡ ᠲᠠᠢ᠂ ᠰᠠᠷᠠᠪᠴᠢ ᠨᠢ 7.5 ᠮᠢᠯᠢᠮᠧᠲᠷ ᠠᠴᠠ ᠤᠷᠳᠤ ᠨᠠᠷᠠᠨ ᠤ ᠮᠠᠯᠠᠭᠠᠢ ᠡᠮᠦᠰᠪᠡᠯ ᠦᠢᠯᠡᠳᠦᠯ ᠨᠢ ᠨᠡᠩ ᠰᠠᠶᠢᠨ ᠪᠠᠶᠢᠬᠤ ᠪᠤᠯᠤᠨ᠎ᠠ᠃    ᠨᠠᠷᠠᠨ ᠳᠤ ᠶᠠᠪᠤᠬᠤ ᠳᠠᠭᠠᠨ ᠨᠢᠭᠤᠷ ᠢᠶᠠᠨ ᠬᠠᠯᠬᠠᠯᠠᠭᠰᠠᠨ ᠪᠦᠲᠦᠭᠦᠨ ᠰᠢᠯ ᠵᠡᠭᠦᠪᠡᠯ ᠰᠠᠶᠢᠨ᠂ ᠦᠩᠭᠡ ᠶᠢᠨ ᠬᠤᠪᠢ ᠳᠤ ᠬᠦᠷᠡᠩ ᠪᠠ ᠴᠠᠢ ᠶᠢᠨ ᠦᠩᠭᠡ ᠲᠠᠢ ᠰᠢᠯ ᠨᠢ ᠨᠡᠩ ᠳᠤᠬᠢᠷᠠᠮᠵᠢᠳᠠᠢ᠃ ᠨᠠᠷᠠᠨ ᠤ ᠭᠡᠷᠡᠯ ᠭᠡᠳᠦᠢ ᠬᠤᠷᠴᠠ ᠪᠤᠯ ᠳᠡᠳᠦᠢ ᠪᠠᠷᠠᠭᠠᠨ ᠰᠢᠯ ᠵᠡᠭᠦᠪᠡᠯ ᠵᠤᠬᠢᠨ᠎ᠠ᠃
ᠨᠠᠶᠢᠷᠠᠭᠤᠯᠤᠭᠴᠢ᠄
ᠰᠠᠴᠣᠷᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号