ᠰᠢᠮᠠᠭᠤᠯ ᠵᠢᠩᠭᠢᠨᠡᠬᠦ ᠳᠤ ᠨᠦᠢᠷ ᠬᠤᠯᠵᠢᠨ᠎ᠠ
2018-07-02 14:55:41
ᠵᠣᠬᠢᠶᠠᠭᠴᠢ᠄ 
ᠣᠩᠰᠢᠭᠰᠠᠨ ᠣᠳᠠᠭ᠎ᠠ᠄ 
★★★☆☆
    ᠵᠤᠨ ᠤ ᠴᠠᠭ ᠤᠨ ᠬᠠᠮᠤᠭ ᠤᠨ ᠠᠶᠤᠯ ᠲᠠᠢ ᠨᠢ ᠨᠠᠷᠠ ᠪᠢᠰᠢ᠂ ᠬᠠᠯᠠᠭᠤᠨ ᠪᠢᠰᠢ᠂ ᠬᠠᠷᠢᠨ ᠰᠢᠮᠠᠭᠤᠯ ᠰᠢᠦ ᠭᠡᠵᠦ ᠶᠠᠷᠢᠳᠠᠭ ᠬᠦᠮᠦᠨ ᠵᠦᠩᠳᠡᠭᠡᠨ᠃    ᠰᠢᠮᠠᠭᠤᠯ ᠤᠨ ᠬᠤᠤᠷ ᠬᠦᠨᠦᠭᠡᠯ ᠭᠡᠵᠦ ᠶᠡᠷᠦᠨᠢ ᠡᠩ ᠤᠨ ᠬᠦᠮᠦᠨ ᠤ ᠳᠠᠨᠢᠵᠤ ᠮᠡᠳᠡᠭᠰᠡᠨ ᠠᠴᠠ ᠬᠤᠯᠠ ᠶᠡᠭᠡ ᠪᠠᠶᠢᠳᠠᠭ᠃ ᠰᠢᠮᠠᠭᠤᠯ ᠬᠦᠮᠦᠨ ᠢ ᠬᠠᠳᠬᠤᠵᠤ᠂ ᠴᠢᠰᠦ ᠶᠢ ᠰᠤᠷᠦᠵᠦ᠂ ᠵᠠᠭᠠᠳᠤᠨᠠᠭᠤᠯᠳᠠᠭ ᠠᠴᠠ ᠭᠠᠳᠠᠨ᠎ᠠ ᠪᠠ ᠰᠠ ᠡᠪᠡᠳᠴᠢᠨ ᠬᠢᠵᠢᠭ ᠢ ᠬᠠᠯᠳᠠᠪᠤᠷᠢᠯᠠᠭᠤᠯᠳᠠᠭ᠃ ᠪᠦᠷᠢᠳᠭᠡᠯ ᠢᠶᠠᠷ᠂ ᠰᠢᠮᠠᠭᠤᠯ ᠵᠡᠷᠭᠡ ᠰᠢᠪᠠᠵᠢ ᠪᠠᠷ ᠳᠠᠮᠵᠢᠨ ᠬᠠᠯᠳᠠᠪᠤᠷᠢᠯᠠᠳᠠᠭ ᠡᠪᠡᠳᠴᠢᠨ ᠨᠠᠶᠠᠭᠠᠳ ᠵᠦᠢᠯ ᠪᠠᠶᠢᠵᠤ᠂ ᠳᠠᠬᠤᠯ ᠤᠨ ᠴᠢᠨᠠᠷᠳᠠᠢ ᠳᠠᠷᠢᠬᠢᠨ ᠤ ᠦᠷᠪᠢᠰᠦᠯ᠂ ᠱᠦᠯᠬᠦᠭᠡ ᠡᠪᠡᠳᠴᠢᠨ᠂ ᠳ᠋ᠧᠩᠭᠦ᠋ ᠬᠠᠯᠠᠭᠤᠷᠠᠯᠭ᠎ᠠ᠂ ᠬᠠᠯᠠᠭᠤᠨ ᠬᠢᠵᠢᠭ ᠵᠡᠷᠭᠡ ᠶᠢ ᠪᠠᠭᠳᠠᠭᠠᠳᠠᠭ᠃
            ᠰᠢᠮᠠᠭᠤᠯ ᠶᠠᠮᠠᠷ ᠬᠦᠮᠦᠨ ᠳᠤ ︽ᠳᠤᠷᠠᠳᠠᠢ︾ ᠪᠠᠶᠢᠳᠠᠭ ᠪᠤᠢ︖        ᠮᠠᠷᠢᠶ᠎ᠡ ᠲᠠᠢ ᠬᠦᠮᠦᠨ    ᠰᠢᠮᠠᠭᠤᠯ ᠶᠡᠷᠦᠨᠢ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠢ ᠳᠠᠭᠠᠵᠤ ᠶᠠᠪᠤᠬᠤ ᠨᠢ ᠢᠯᠡᠭᠦᠦ ᠪᠠᠶᠢᠳᠠᠭ᠃ ᠮᠠᠷᠢᠶ᠎ᠡ ᠲᠠᠢ ᠬᠦᠮᠦᠨ ᠤ ᠠᠭᠤᠰᠬᠢᠨ ᠤ ᠪᠠᠭᠳᠠᠭᠠᠮᠵᠢ ᠶᠡᠭᠡ᠂ ᠠᠮᠢᠰᠬᠤᠵᠤ ᠭᠠᠷᠭᠠᠬᠤ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠬᠡᠮᠵᠢᠶ᠎ᠠ ᠨᠢ ᠶᠡᠭᠡ ᠪᠠᠶᠢᠳᠠᠭ ᠪᠤᠯᠬᠤᠷ ᠰᠢᠮᠠᠭᠤᠯ ᠢ ︽ᠳᠠᠭᠤᠳᠠᠵᠤ ᠳᠠᠯᠠᠯᠵᠤ︾ ᠪᠠᠶᠢᠬᠤ ᠰᠢᠬ ᠪᠠᠶᠢᠳᠠᠭ᠃
    ᠡᠭᠦᠨ ᠠᠴᠠ ᠭᠠᠳᠠᠨ᠎ᠠ᠂ ᠵᠢᠷᠮᠦᠰᠦᠨ ᠪᠦᠰᠡᠭᠦᠢ ᠶᠢᠨ ᠠᠮᠢᠰᠬᠤᠬᠤ ᠬᠡᠮᠵᠢᠶ᠎ᠠ ᠨᠢ ᠵᠢᠷᠮᠦᠰᠦᠨ ᠪᠤᠰᠤ ᠪᠦᠰᠡᠭᠦᠢ ᠠᠴᠠ 21%᠎ ᠢᠶᠠᠷ ᠦᠨᠳᠦᠷ ᠪᠠᠶᠢᠵᠤ᠂ ᠠᠮᠢᠰᠬᠤᠵᠤ ᠭᠠᠷᠭᠠᠭᠰᠠᠨ ᠴᠢᠭᠢᠭᠯᠢᠭ ᠠᠭᠤᠷ ᠪᠠ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠨᠢ ᠰᠢᠮᠠᠭᠤᠯ ᠤᠨ ᠠᠩᠬᠠᠷᠤᠯ ᠢ ᠳᠠᠳᠠᠳᠠᠭ᠃    ᠶᠡᠭᠡ ᠬᠦᠯᠦᠷᠡᠳᠡᠭ ᠬᠦᠮᠦᠨ    ᠬᠦᠯᠦᠰᠦᠨ ᠳᠤ ᠶᠡᠭᠡ ᠬᠡᠮᠵᠢᠶᠡᠨ ᠤ ᠠᠮᠢᠨ ᠬᠦᠴᠢᠯ᠂ ᠰᠦ ᠶᠢᠨ ᠬᠦᠴᠢᠯ ᠵᠢᠴᠢ ᠠᠮᠢᠨ ᠤ ᠳᠦᠷᠦᠯ ᠤᠨ ᠨᠢᠭᠡᠳᠪᠦᠷᠢ ᠠᠭᠤᠯᠤᠭᠳᠠᠵᠤ ᠪᠠᠶᠢᠳᠠᠭ ᠪᠤᠯᠬᠤᠷ ᠠᠮᠠᠷᠬᠠᠨ ᠢᠶᠠᠷ ᠰᠢᠮᠠᠭᠤᠯ ᠤᠨ ᠬᠠᠷᠠᠯᠳᠠ ᠪᠤᠯᠳᠠᠭ᠃    ᠭᠦᠨ ᠦᠩᠭᠡ ᠲᠠᠢ ᠬᠤᠪᠴᠠᠰᠤ ᠡᠮᠦᠰᠦᠭᠰᠡᠨ ᠬᠦᠮᠦᠨ    ᠰᠢᠮᠠᠭᠤᠯ ᠬᠠᠷᠠᠩᠭᠤᠢ ᠪᠠᠷᠠᠭᠠᠨ ᠳᠤ ᠳᠤᠷᠠᠳᠠᠢ᠂ ᠬᠠᠷ᠎ᠠ ᠦᠩᠭᠡ ᠪᠤᠯ ᠰᠢᠮᠠᠭᠤᠯ ᠤᠨ ᠳᠠᠭᠠᠷᠢᠯᠳᠠ ᠬᠢᠬᠦ ᠠᠩᠬᠠᠨ ᠤ ᠰᠤᠩᠭᠤᠯᠳᠠ ᠪᠤᠯᠤᠨ᠎ᠠ᠂ ᠳᠠᠷᠠᠭᠠᠯᠠᠪᠠᠯ ᠬᠦᠭᠡ᠂ ᠤᠯᠠᠭᠠᠨ᠂ ᠨᠤᠭᠤᠭᠠᠨ ᠭᠡᠬᠦ ᠮᠡᠳᠦ᠃ ᠵᠤᠨ ᠤ ᠴᠠᠭ ᠪᠠᠷᠠᠭᠠᠨ ᠦᠩᠭᠡ ᠲᠠᠢ ᠬᠤᠪᠴᠠᠰᠤ ᠡᠮᠦᠰᠪᠡᠯ ᠡᠯᠴᠢ ᠢᠯᠡᠭᠦᠦ ᠰᠢᠩᠭᠡᠭᠡᠵᠦ ᠬᠦᠮᠦᠨ ᠤ ᠪᠡᠶ᠎ᠡ ᠶᠢᠨ ᠳᠤᠯᠠᠭᠠᠨ ᠦᠨᠳᠦᠷ ᠪᠠᠶᠢᠳᠠᠭ ᠨᠢ ᠴᠤ ᠰᠢᠮᠠᠭᠤᠯ ᠢ ᠳᠠᠳᠠᠬᠤ ᠨᠢᠭᠡ ᠳᠠᠯ᠎ᠠ ᠪᠤᠯᠳᠠᠭ᠃    ᠰᠢᠨ᠎ᠠ ᠬᠠᠭᠤᠴᠢᠨ ᠤ ᠰᠤᠯᠢᠯᠴᠠᠭ᠎ᠠ ᠳᠦᠷᠭᠡᠨ ᠬᠦᠮᠦᠨ    ᠢᠢᠮᠦ ᠬᠦᠮᠦᠨ ᠭᠤᠷᠪᠠᠨ ᠮᠧᠲ᠋ᠢᠯᠳᠦ ᠠᠮᠢᠨ ᠢᠯᠡᠭᠦᠦ ᠢᠯᠭᠠᠷᠠᠭᠤᠯᠳᠠᠭ ᠨᠢ ᠰᠢᠮᠠᠭᠤᠯ ᠢ ᠳᠠᠳᠠᠬᠤ ᠬᠦᠴᠦᠨ ᠲᠠᠢ ᠪᠠᠶᠢᠳᠠᠭ᠃ ᠬᠡᠦᠬᠡᠳ ᠵᠠᠯᠠᠭᠤᠴᠤᠳ ᠤᠨ ᠠᠷᠠᠰᠤ ᠬᠦᠷᠦᠰᠦ ᠨᠢᠮᠭᠡᠨ ᠪᠤᠯᠪᠠᠷᠠᠢ᠂ ᠰᠢᠨ᠎ᠠ ᠬᠠᠭᠤᠴᠢᠨ ᠤ ᠰᠤᠯᠢᠯᠴᠠᠭ᠎ᠠ ᠨᠢ ᠬᠦᠭᠵᠢᠩᠭᠦᠢ᠂ ᠬᠦᠯᠦᠰᠦᠨ ᠤ ᠠᠭᠤᠷᠰᠢᠯᠳᠠ ᠨᠢ ᠳᠦᠷᠭᠡᠨ ᠪᠠᠶᠢᠳᠠᠭ ᠵᠡᠷᠭᠡ ᠨᠢ ᠪᠦᠷ ᠰᠢᠮᠠᠭᠤᠯ ᠳᠤ ᠦᠷᠭᠦᠯᠵᠢ ᠬᠠᠳᠬᠤᠭᠤᠯᠳᠠᠭ ᠤᠨ ᠬᠢᠨᠢ ᠰᠢᠯᠳᠠᠭᠠᠨ ᠪᠤᠯᠤᠨ᠎ᠠ᠃    ᠵᠠᠰᠠᠵᠤ ᠭᠤᠶᠤᠯᠠᠬᠤ ᠳᠤᠷᠠᠳᠠᠢ ᠬᠦᠮᠦᠨ    ᠤᠯᠠᠩᠭᠢ ᠦᠨᠦᠷᠳᠦ ᠤᠰᠤ᠂ ᠭᠠᠷ ᠤᠨ ᠳᠤᠰᠤ᠂ ᠨᠢᠭᠤᠷ ᠤᠭᠢᠶᠠᠬᠤ ᠰᠦ ᠳᠤ ᠪᠦᠷ ᠬᠠᠳᠠᠭᠤ ᠦᠭᠡᠭᠦᠨ ᠬᠦᠴᠢᠯ ᠡᠯᠪᠡᠭ ᠠᠭᠤᠯᠳᠠᠭ᠂ ᠳᠡᠷᠡ ᠨᠢ ᠰᠢᠮᠠᠭᠤᠯ ᠤᠨ ᠬᠠᠮᠤᠭ ᠤᠨ ᠳᠤᠷᠠᠳᠠᠢ ᠶᠠᠭᠤᠮᠠᠨ ᠤ ᠬᠢᠨᠢ ᠨᠢᠭᠡ᠃            ᠰᠢᠮᠠᠭᠤᠯ ᠢ ᠦᠷᠭᠦᠭᠡᠬᠦ ᠠᠷᠭ᠎ᠠ     ᠪᠡᠶ᠎ᠡ ᠪᠠᠨ ᠦᠷᠭᠦᠯᠵᠢ ᠤᠭᠢᠶᠠᠵᠤ᠂ ᠦᠨᠦᠷᠳᠦ ᠤᠰᠤ ᠪᠠᠭ᠎ᠠ ᠬᠡᠷᠡᠭᠯᠡᠨ᠎ᠠ    ᠪᠡᠶ᠎ᠡ ᠪᠠᠨ ᠦᠷᠭᠦᠯᠵᠢ ᠤᠭᠢᠶᠠᠵᠤ᠂ ᠠᠷᠠᠰᠤ ᠬᠦᠷᠦᠰᠦ ᠪᠠᠨ ᠴᠡᠪᠡᠷ ᠪᠠᠶᠢᠯᠭᠠᠨ᠂ ᠬᠦᠯᠦᠰᠦ ᠪᠠᠨ ᠳᠠᠷᠦ᠋ᠢᠬᠠᠨ ᠠᠷᠴᠢᠵᠤ ᠠᠷᠢᠯᠭᠠᠵᠤ ᠪᠠᠶᠢᠪᠠᠯ ᠬᠦᠯᠦᠰᠦᠨ ᠤ ᠦᠨᠦᠷ ᠢᠶᠠᠷ ᠰᠢᠮᠠᠭᠤᠯ ᠢᠷᠡᠬᠦ ᠶᠢ ᠰᠡᠷᠭᠡᠶᠢᠯᠡᠵᠦ ᠪᠤᠯᠤᠨ᠎ᠠ᠃ ᠦᠨᠦᠷᠳᠦ ᠤᠰᠤ᠂ ᠤ ᠵᠡᠷᠭᠡ ᠶᠢᠨ ᠵᠠᠰᠠᠯ ᠤᠨ ᠡᠳ᠋ ᠳᠤᠳᠠᠭᠤ ᠭᠡᠷᠡᠭᠯᠡᠨ᠎ᠠ᠃ ᠬᠠᠷ᠎ᠠ ᠦᠩᠭᠡᠳᠡᠢ ᠬᠤᠪᠴᠠᠰᠤ ᠳᠤᠳᠠᠭᠤ ᠡᠮᠦᠰᠴᠦ᠂ ᠬᠠᠷᠰᠢᠮᠠᠳᠠᠭᠠᠢ ᠴᠢᠨᠠᠷ ᠲᠠᠢ ᠮᠠᠬᠠᠪᠤᠳ ᠲᠠᠢ ᠬᠦᠮᠦᠰ ᠪᠠ ᠬᠡᠦᠬᠡᠳ ᠤᠢᠢᠮᠤᠰᠤ᠂ ᠤᠷᠳᠤ ᠬᠠᠨᠴᠤᠢ ᠰᠢᠷᠬᠤᠨᠠᠭ ᠲᠠᠢ ᠬᠤᠪᠴᠠᠰᠤ ᠦᠮᠦᠳᠦ ᠡᠮᠦᠰᠴᠦ᠂ ᠡᠪᠡᠰᠦ ᠵᠦᠯᠭᠡ ᠲᠠᠢ ᠭᠠᠵᠠᠷ᠂ ᠴᠡᠴᠡᠭ ᠤᠨ ᠳᠠᠳᠠᠭᠠᠯ᠂ ᠳᠤᠭᠳᠠᠮᠠᠯ ᠤᠰᠤ ᠵᠡᠷᠭᠡ ᠰᠢᠮᠠᠭᠤᠯ ᠠᠷᠪᠢᠨ ᠭᠠᠵᠠᠷ ᠠᠴᠠ ᠬᠤᠯᠠ ᠪᠠᠶᠢᠪᠠᠯ ᠳᠡᠭᠡᠷ᠎ᠡ᠃    ᠭᠡᠷ ᠢᠶᠠᠨ ᠴᠡᠪᠡᠷ ᠴᠡᠮᠴᠡᠭᠡᠷ ᠪᠠᠶᠢᠯᠭᠠᠨ᠎ᠠ    ᠰᠢᠮᠠᠭᠤᠯ ᠤᠰᠤᠨ ᠳᠤ ᠦᠨᠳᠡᠭᠡᠯᠡᠳᠡᠭ᠂ ᠳᠡᠶᠢᠮᠦ ᠠᠴᠠ ᠭᠡᠷ ᠳᠤᠳᠤᠷᠠᠬᠢ ᠤᠰᠤ ᠳᠤᠭᠳᠠᠵᠤ ᠢᠯᠵᠢᠷᠡᠵᠦ ᠮᠡᠳᠡᠬᠦ ᠭᠠᠵᠠᠷ ᠢ ᠦᠷᠭᠦᠯᠵᠢ ᠰᠠᠶᠢᠳᠤᠷ ᠴᠡᠪᠡᠷᠯᠡᠵᠦ᠂ ᠬᠠᠨᠵᠤᠨ ᠤ ᠳᠤᠤᠷ᠎ᠠ ᠵᠡᠷᠭᠡ ᠰᠡᠭᠦᠳᠡᠷ ᠲᠠᠢ ᠰᠢᠮᠠᠭᠤᠯ ᠨᠢᠭᠤᠬᠳᠠᠬᠤ ᠳᠤᠷᠠᠳᠠᠢ ᠭᠠᠵᠠᠷ ᠢ ᠴᠤ ᠪᠠᠶᠢᠨ ᠪᠠᠶᠢᠨ ᠴᠡᠪᠡᠷᠯᠡᠵᠦ ᠪᠠᠶᠢᠪᠠᠯ ᠰᠠᠶᠢᠨ᠃
    ᠰᠢᠮᠠᠭᠤᠯ ᠠᠷᠢᠯᠭᠠᠳᠠᠭ ᠡᠮ ᠤᠨ ᠵᠦᠢᠯ ᠢ ᠵᠦᠪ ᠭᠡᠷᠡᠭᠯᠡᠵᠦ ᠴᠢᠳᠠᠬᠤ ᠭᠡᠷᠡᠭᠳᠡᠢ    △ ᠴᠠᠭᠢᠯᠭᠠᠨ ᠰᠢᠮᠠᠭᠤᠯ ᠤᠨ ᠬᠦᠵᠢ ᠶᠢ ᠡᠳᠦᠷ ᠢᠶᠠᠷ ᠭᠡᠷ ᠲᠡᠭᠡᠨ ᠠᠰᠠᠭᠠᠨ᠎ᠠ    ᠴᠠᠭᠢᠯᠭᠠᠨ ᠰᠢᠮᠠᠭᠤᠯ ᠤᠨ ᠬᠦᠵᠢ ᠨᠢ ᠴᠠᠬᠢᠯᠭᠠᠨ ᠤ ᠬᠠᠯᠠᠭᠠᠯᠳᠠ ᠪᠠᠷ ᠰᠢᠮᠠᠭᠤᠯ ᠠᠯᠠᠳᠠᠭ ᠪᠤᠳᠠᠰ ᠠᠭᠤᠷᠰᠢᠭᠤᠯᠳᠠᠭ᠂ ᠡᠮ ᠤᠨ ᠦᠢᠯᠡᠳᠦᠯ ᠨᠢ 6 — 8 ᠴᠠᠭ ᠦᠷᠭᠦᠯᠵᠢᠯᠡᠳᠡᠭ᠃ ᠳᠡᠶᠢᠮᠦ ᠠᠴᠠ ᠡᠳᠦᠷ ᠤᠨ ᠬᠦᠮᠦᠨ ᠦᠭᠡᠢ ᠴᠠᠭ ᠲᠤ 1 — 2 ᠴᠠᠭ ᠠᠰᠠᠭᠠᠪᠠᠯ᠂ ᠭᠡᠷ ᠲᠤ ᠪᠠᠶᠢᠵᠤ ᠮᠡᠳᠡᠬᠦ ᠰᠢᠮᠠᠭᠤᠯ ᠢ ᠠᠯᠠᠵᠤ ᠳᠡᠶᠢᠯᠬᠦ ᠪᠠᠷ ᠪᠠᠷᠠᠬᠤ ᠦᠭᠡᠢ ᠬᠦᠮᠦᠨ ᠤ ᠪᠡᠶ᠎ᠡ ᠳᠤ ᠦᠵᠡᠭᠦᠯᠵᠦ ᠮᠡᠳᠡᠬᠦ ᠬᠤᠤᠷ ᠨᠦᠯᠦᠭᠡ ᠰᠡᠳᠡᠯᠳᠡ ᠶᠢ ᠪᠠᠭᠠᠰᠬᠠᠵᠤ ᠳᠡᠶᠢᠯᠦᠨ᠎ᠠ᠃ ᠢᠢᠮᠦᠷᠬᠦ ᠭᠡᠷ ᠳᠤᠳᠤᠷ᠎ᠠ ᠭᠡᠷᠡᠭᠯᠡᠳᠡᠭ ᠰᠢᠮᠠᠭᠤᠯ ᠠᠯᠠᠳᠠᠭ ᠡᠮ ᠢ ᠭᠡᠷᠡᠭᠯᠡᠭᠰᠡᠨ ᠤ ᠪᠠᠨ ᠳᠠᠷᠠᠭ᠎ᠠ ᠭᠡᠷ ᠳᠤᠳᠤᠷᠠᠬᠢ ᠠᠭᠠᠷ ᠤᠨ ᠨᠡᠪᠳᠡᠷᠡᠯᠭᠡ ᠶᠢ ᠪᠠᠳᠤᠯᠠᠬᠤ ᠭᠡᠷᠡᠭᠳᠡᠢ᠃    △ ᠡᠳᠦᠷ ᠢᠶᠠᠷ ᠭᠠᠳᠠᠨ᠎ᠠ ᠭᠠᠷᠬᠤ ᠳᠠᠭᠠᠨ ᠰᠢᠮᠠᠭᠤᠯ ᠦᠷᠭᠦᠭᠡᠳᠡᠭ ᠨᠠᠭᠠᠯᠳᠠ ᠨᠠᠭᠠᠵᠤ ᠪᠤᠯᠤᠨ᠎ᠠ    ᠢᠢᠮᠦ ᠨᠠᠭᠠᠯᠳᠠ ᠨᠢ ᠰᠢᠮᠠᠭᠤᠯ ᠦᠷᠭᠦᠭᠡᠬᠦ ᠭᠡᠢ ᠪᠡᠶᠡᠳᠦ ᠪᠤᠳᠠᠰ ᠠᠭᠤᠷᠰᠢᠭᠤᠯᠳᠠᠭ᠂ ᠰᠢᠭᠤᠳ ᠠᠷᠠᠰᠤᠨ ᠳᠡᠭᠡᠷ᠎ᠡ ᠪᠠᠨ ᠨᠠᠭᠠᠵᠤ ᠪᠤᠯᠬᠤ ᠦᠭᠡᠢ᠃ ᠨᠡᠩ ᠴᠤ ᠬᠠᠷᠰᠢᠮᠠᠳᠠᠭᠠᠢ ᠮᠠᠬᠠᠪᠤᠳ ᠲᠠᠢ ᠬᠦᠮᠦᠨ᠂ ᠵᠢᠷᠮᠦᠰᠦᠨ ᠪᠦᠰᠡᠭᠦᠢ ᠳᠤ ᠳᠤᠬᠢᠷᠠᠬᠤ ᠦᠭᠡᠢ᠃ ᠡᠩ ᠤᠨ ᠬᠦᠮᠦᠨ ᠴᠤ ᠭᠡᠳᠦ ᠤᠷᠳᠤ ᠬᠤᠭᠤᠴᠠᠭ᠎ᠠ ᠪᠠᠷ ᠭᠡᠷᠡᠭᠯᠡᠵᠦ ᠪᠤᠯᠬᠤ ᠦᠭᠡᠢ᠃    △ ᠰᠦᠨᠢ ᠭᠠᠳᠠᠨ᠎ᠠ ᠭᠠᠷᠪᠠᠯ ᠴᠡᠴᠡᠭ ᠤᠨ ᠤᠰᠤ ᠳᠦᠷᠭᠢᠵᠦ ᠪᠤᠯᠤᠨ᠎ᠠ    ᠰᠢᠮᠠᠭᠤᠯ ᠦᠷᠭᠦᠭᠡᠬᠦ ᠴᠡᠴᠡᠭ ᠤᠨ ᠤᠰᠤᠨ ᠳᠤ ᠬᠤᠯᠢᠬᠰᠠᠨ ᠰᠢᠮᠠᠭᠤᠯ ᠦᠷᠭᠦᠭᠡᠬᠦ ᠬᠢᠮᠢ ᠶᠢᠨ ᠨᠡᠶᠢᠯᠡᠮᠡᠯ ᠪᠤᠳᠠᠰ ᠨᠢ ᠰᠢᠮᠠᠭᠤᠯ ᠤᠨ ᠬᠦᠮᠦᠨ ᠤ ᠦᠨᠦᠷ ᠢ ᠠᠪᠬᠤ ᠮᠡᠳᠡᠷᠡᠯ ᠢ ᠨᠢ ᠠᠯᠳᠠᠭᠤᠯᠳᠠᠭ᠃    △ ᠬᠢᠳᠠᠳ ᠡᠮ ᠤᠨ ᠤᠷᠭᠤᠮᠠᠯ ᠢ ᠭᠡᠷᠡᠭᠯᠡᠵᠦ ᠪᠤᠯᠤᠨ᠎ᠠ    【 ᠰᠤᠶᠢᠬ᠎ᠠ 】 ᠦᠨᠦᠷ ᠶᠡᠬᠡᠳᠠᠢ᠂ ᠰᠡᠷᠢᠭᠦᠦ ᠳᠠᠳᠠᠵᠤ᠂ ᠰᠢᠮᠠᠭᠤᠯ ᠦᠷᠭᠦᠭᠡᠬᠦ ᠦᠢᠯᠡᠳᠦᠯ ᠨᠢ ᠰᠠᠶᠢᠨ ᠪᠠᠶᠢᠳᠠᠭ᠃    【 ᠦᠨᠦᠷᠳᠦ ᠬᠠᠪᠳᠠᠭ᠎ᠠ 】 ᠰᠤᠶᠢᠬ᠎ᠠ 10 ᠭᠷᠡᠮ᠂ ᠭᠦᠨᠳᠦ᠋ᠰᠠᠩᠪᠤᠤ 10 ᠭᠷᠡᠮ᠂ ᠰᠦᠭᠪᠡ 10 ᠭᠷᠡᠮ᠂ ᠮᠤᠪᠢ ᠴᠡᠴᠡᠭ 5 ᠭᠷᠡᠮ ᠢ ᠱᠠ ᠪᠦᠰᠡ ᠳᠤ ᠪᠠᠭᠯᠠᠵᠤ ᠬᠠᠪᠳᠠᠭ᠎ᠠ ᠬᠢᠨ᠎ᠠ᠃    【 ᠵᠢᠷᠤᠬᠪᠠ 】 ᠨᠦᠢᠳᠠᠨ ᠢ ᠬᠠᠳᠠᠭᠠᠵᠤ ᠵᠠᠭᠠᠳᠤᠨᠠᠬᠤ ᠶᠢ ᠵᠤᠬᠰᠤᠭᠠᠬᠤ᠂ ᠬᠠᠯᠠᠭᠤᠨ ᠢ ᠳᠠᠭᠤᠵᠤ ᠬᠤᠤᠷ᠎ᠠ ᠶᠢ ᠳᠠᠶᠢᠯᠬᠤ ᠦᠢᠯᠡᠳᠦᠯ ᠲᠠᠢ᠃    【 ᠵᠠᠭᠠᠳᠤᠨᠠᠬᠤ ᠶᠢ ᠵᠤᠬᠰᠤᠭᠠᠬᠤ ᠤᠰᠤ 】 ᠵᠢᠷᠤᠬᠪᠠ 20 ᠭᠷᠡᠮ᠂ ᠮᠤᠭᠠᠢᠢᠳᠠᠰᠢ 30 ᠭᠷᠡᠮ᠂ ᠳᠡᠭᠳᠦ 30 ᠭᠷᠡᠮ᠂ ᠯᠢᠳᠡᠷᠢ 30 ᠭᠷᠡᠮ ᠢ 1000 ᠮᠢᠯᠢᠯᠢᠲᠷ ᠤᠰᠤᠨ ᠳᠤ ᠴᠢᠨᠠᠵᠤ ᠰᠢᠷᠭᠢᠭᠡᠭᠡᠳ 700 ᠮᠢᠯᠢᠯᠢᠲᠷ ᠤᠰᠤ ᠦᠯᠡᠳᠡᠭᠡᠵᠦ ᠳᠦᠷᠭᠢᠵᠦ ᠭᠡᠷᠡᠭᠯᠡᠨ᠎ᠠ᠃    【 ᠨᠠᠷᠠᠨ ᠨᠤᠭᠤᠭ᠎ᠠ 】 ᠬᠠᠯᠠᠭᠤᠨ ᠢ ᠳᠠᠭᠤᠵᠤ ᠴᠢᠬᠢᠭ ᠨᠦᠬᠦᠬᠦ᠂ ᠬᠤᠤᠷ᠎ᠠ ᠶᠢ ᠳᠠᠶᠢᠯᠵᠤ ᠬᠠᠪᠤᠳᠠᠷ ᠢ ᠬᠠᠷᠢᠭᠤᠯᠬᠤ ᠦᠢᠯᠡᠳᠦᠯ ᠲᠠᠢ᠃    【 ᠭᠠᠳᠠᠷ ᠳᠦᠷᠭᠢᠬᠦ ᠡᠮ 】 ᠵᠤᠬᠢᠬᠤ ᠬᠡᠮᠵᠢᠶᠡᠨ ᠤ ᠰᠢᠨ᠎ᠠ ᠰᠤᠷᠭᠤᠭ ᠨᠠᠷᠠᠨ ᠨᠤᠭᠤᠭ᠎ᠠ ᠶᠢ ᠨᠦᠳᠦᠵᠦ ᠨᠢᠴᠤᠯᠠᠭᠠᠳ ᠪᠤᠶᠤ ᠤᠰᠤᠨ ᠳᠤ ᠴᠢᠨᠠᠭᠠᠳ ᠰᠢᠮᠠᠭᠤᠯ ᠳᠤ ᠬᠠᠳᠬᠤᠭᠤᠯᠤᠭᠰᠠᠨ ᠭᠠᠵᠠᠷ ᠲᠤ ᠳᠦᠷᠭᠢᠬᠦ ᠪᠤᠶᠤ ᠤᠭᠢᠶᠠᠵᠤ ᠪᠤᠯᠤᠨ᠎ᠠ᠃  ᠵᠠᠭᠠᠳᠤᠨᠠᠬᠤ ᠶᠢ ᠵᠤᠬᠰᠤᠭᠠᠵᠤ ᠬᠠᠯᠳᠠᠪᠤᠷᠢᠯᠠᠯ ᠢ ᠰᠡᠷᠭᠡᠶᠢᠯᠡᠬᠦ ᠠᠯᠬᠤᠮ ᠳᠠᠷᠠᠭ᠎ᠠ      ᠠᠩᠬ᠎ᠠ ᠬᠠᠳᠬᠤᠭᠤᠯᠬᠤ ᠳᠤ ᠠᠷᠠᠰᠤ ᠤᠯᠠᠶᠢᠵᠤ ᠬᠠᠪᠤᠳᠤᠨ ᠵᠠᠭᠠᠳᠤᠨᠠᠬᠤ ᠪᠠᠶᠢᠳᠠᠯ ᠭᠠᠷᠪᠠᠯ᠄    1. ᠮᠦᠰᠦ ᠪᠠᠷ ᠵᠢᠩ ᠳᠠᠯᠪᠢᠬᠤ ᠪᠤᠶᠤ ᠭᠠᠷ ᠢᠶᠠᠷ ᠢᠶᠠᠨ ᠬᠦᠩᠭᠡᠨ ᠳᠠᠪᠰᠢᠵᠤ᠂ ᠰᠡᠷᠢᠭᠦᠨ ᠡᠮ ᠵᠡᠷᠭᠡ ᠭᠠᠳᠠᠷ ᠭᠡᠷᠡᠭᠯᠡᠬᠦ ᠡᠮ ᠳᠦᠷᠭᠢᠨ᠎ᠠ᠃    2. ᠵᠢᠷᠮᠦᠰᠦᠨ ᠪᠦᠰᠡᠭᠦᠢ ᠪᠤᠶᠤ ᠬᠡᠦᠬᠡᠳ ᠪᠤᠯ ᠰᠠᠪᠤᠩ ᠲᠠᠢ ᠤᠰᠤ᠂ ᠠᠷᠤᠤ ᠴᠡᠴᠡᠭ ᠤᠨ ᠰᠢᠭᠦᠰᠦ ᠪᠠᠷ ᠤᠭᠢᠶᠠᠵᠤ ᠪᠤᠯᠤᠨ᠎ᠠ᠃    3 . ᠴᠠᠰᠤᠨ ᠳᠤᠰᠤᠯ ᠴᠢᠯᠠᠭᠤ ᠶᠢᠨ ᠤᠭᠢᠶᠠᠬᠤ ᠡᠮ ᠵᠡᠷᠭᠡ ᠶᠢ ᠭᠡᠷᠡᠭᠯᠡᠵᠦ ᠵᠠᠭᠠᠳᠤᠨᠠᠬᠤ ᠶᠢ ᠵᠤᠬᠰᠤᠭᠠᠵᠤ ᠪᠤᠯᠤᠨ᠎ᠠ᠃    ᠬᠠᠮᠢᠶ᠎ᠠ ᠦᠭᠡᠢ ᠮᠠᠭᠠᠵᠢᠵᠤ ᠮᠠᠯᠳᠠᠬᠤ ᠶᠢ ᠴᠡᠭᠡᠷᠯᠡᠨ᠎ᠠ᠃ ᠡᠰᠡᠪᠡᠰᠦ ᠠᠮᠢᠨ ᠤ ᠪᠦᠯᠦᠭ ᠵᠠᠳᠠᠷᠠᠵᠤ ᠤᠯᠠᠮ ᠵᠠᠭᠠᠳᠤᠨᠠᠬᠤ ᠪᠤᠶᠤ ᠬᠠᠯᠳᠠᠪᠤᠷᠢᠯᠠᠯ ᠡᠭᠦᠰᠭᠡᠵᠦ ᠮᠡᠳᠡᠨ᠎ᠠ᠃    ᠬᠠᠪᠤᠳᠴᠤ ᠭᠦᠪᠳᠦᠷᠦᠦ ᠭᠠᠷᠤᠭᠰᠠᠨ ᠪᠤᠶᠤ ᠭᠡᠳᠦᠨ ᠡᠳᠦᠷ ᠢᠶᠠᠷ ᠬᠠᠪᠤᠳᠠᠷ ᠨᠢ ᠬᠠᠷᠢᠬᠤ ᠦᠭᠡᠢ ᠪᠠᠶᠢᠳᠠᠯ ᠳᠤ᠄    ᠬᠡᠳᠦᠨ ᠡᠳᠦᠷ ᠢᠶᠠᠷ ᠬᠠᠪᠤᠳᠠᠷ ᠨᠢ ᠬᠠᠷᠢᠬᠤ ᠦᠭᠡᠢ ᠪᠠᠶᠢᠪᠠᠯ᠂ ᠰᠢᠮᠠᠭᠤᠯ ᠤᠨ ᠬᠤᠤᠷ᠎ᠡ ᠳᠤ ᠬᠠᠷᠰᠢᠬᠰᠠᠨ ᠪᠠᠶᠢᠵᠤ ᠮᠡᠳᠡᠨ᠎ᠠ᠂ ᠡᠮᠴᠢ ᠶᠢᠨ ᠵᠢᠯᠤᠭᠤᠳᠤᠯᠭ᠎ᠠ ᠪᠠᠷ ᠬᠠᠷᠰᠢᠬᠤ ᠶᠢ ᠳᠠᠷᠤᠬᠤ ᠡᠮ ᠭᠡᠷᠡᠭᠯᠡᠵᠦ ᠪᠤᠯᠤᠨ᠎ᠠ᠃ 3%᠎ ᠤᠨ ᠪᠤᠷ ᠬᠦᠴᠢᠯ ᠤᠨ ᠰᠢᠩᠭᠡᠨ ᠢᠶᠠᠷ ᠬᠦᠢᠳᠡᠨ ᠵᠢᠩ ᠳᠠᠯᠪᠢᠵᠤ᠂ ᠱᠠᠪᠰᠢᠵᠤ ᠪᠤᠯᠤᠨ᠎ᠠ᠃    ᠰᠤᠭᠤ᠂ ᠬᠤᠭᠤᠯᠠᠢ᠂ ᠳᠠᠬᠢᠮ ᠤᠨ ᠬᠤᠩᠬᠤᠷ᠂ ᠴᠠᠪᠢᠨ ᠳᠤ ᠰᠢᠮᠠᠭᠤᠯ ᠳᠤ ᠬᠠᠳᠬᠤᠭᠤᠯᠵᠤ ᠭᠠᠷᠤᠭᠰᠠᠨ ᠬᠠᠪᠤᠳᠠᠷ ᠢ ᠪᠤᠯ ᠵᠠᠪᠠᠯ ᠡᠮᠴᠢ ᠠᠴᠠ ᠯᠠᠪᠯᠠᠭ᠎ᠠ ᠠᠪᠴᠤ ᠡᠮ ᠬᠡᠷᠡᠭᠯᠡᠬᠦ ᠭᠡᠷᠡᠭᠳᠡᠢ᠃
    ᠤᠯᠠᠶᠢᠵᠤ ᠬᠠᠪᠤᠳᠤᠨ ᠦᠷᠪᠢᠰᠦᠯᠡᠭᠰᠡᠨ ᠪᠠᠶᠢᠳᠠᠯ ᠳᠤ᠄    ᠡᠨᠡ ᠨᠢ ᠤᠯᠠᠩᠬᠢ ᠳᠠᠭᠠᠨ ᠮᠠᠭᠠᠵᠢᠬᠰᠠᠨ ᠠᠴᠠ ᠪᠤᠯᠵᠤ ᠦᠷᠪᠢᠰᠦᠯ ᠡᠭᠦᠰᠦᠭᠰᠡᠨ ᠶᠠᠪᠤᠳᠠᠯ ᠪᠤᠯᠤᠨ᠎ᠠ᠃ ᠡᠪᠡᠳᠴᠢᠨ ᠢ ᠡᠰᠡᠷᠭᠦᠴᠡᠬᠦ ᠴᠢᠳᠠᠪᠤᠷᠢ ᠪᠠᠷ ᠳᠤᠷᠤᠢ ᠬᠦᠮᠦᠨ ᠳᠤ ᠪᠤᠯ ᠬᠠᠯᠠᠭᠤᠷᠠᠬᠤ ᠮᠡᠳᠦ ᠶᠢᠨ ᠪᠦᠬᠦ ᠪᠡᠶ᠎ᠡ ᠶᠢᠨ ᠡᠪᠡᠳᠴᠢᠨ ᠤ ᠢᠯᠡᠷᠡᠯ ᠭᠠᠷᠤᠨ᠎ᠠ᠃    ᠬᠠᠷᠰᠢᠮᠠᠳᠠᠭᠠᠢ ᠮᠠᠬᠠᠪᠤᠳ ᠲᠠᠢ ᠬᠦᠮᠦᠨ ᠪᠤᠯ ᠡᠮᠴᠢ ᠪᠠᠷ ᠦᠵᠡᠭᠦᠯᠵᠦ᠂ ᠬᠠᠷᠰᠢᠬᠤ ᠶᠢ ᠳᠠᠷᠤᠬᠤ ᠵᠠᠰᠠᠯᠭ᠎ᠠ ᠠᠪᠤᠪᠠᠯ ᠵᠤᠬᠢᠨ᠎ᠠ᠃ ᠬᠠᠪᠤᠳᠠᠷ ᠨᠢ ᠢᠳᠡᠭᠡᠯᠡᠵᠦ ᠦᠷᠪᠢᠰᠦᠯ ᠪᠤᠯᠤᠭᠰᠠᠨ᠂ ᠬᠠᠯᠠᠭᠤᠷᠠᠵᠤ ᠴᠡᠴᠡᠷᠡᠵᠦ ᠪᠠᠶᠢᠪᠠᠯ ᠡᠮᠴᠢ ᠳᠤ ᠤᠴᠢᠵᠤ ᠡᠮ ᠳᠠᠩ ᠤᠤᠭᠤᠬᠤ ᠭᠡᠷᠡᠭᠳᠡᠢ᠃    ᠳᠡᠭᠡᠷᠡᠬᠢ ᠢᠯᠡᠷᠡᠯ ᠭᠠᠷᠤᠭᠰᠠᠨ ᠬᠦᠮᠦᠰ ᠦᠪᠡᠷ ᠢᠶᠠᠨ ᠡᠵᠡᠨ ᠮᠡᠳᠡᠵᠦ ᠡᠮ ᠳᠠᠩ ᠤᠤᠭᠤᠬᠤ ᠠᠴᠠ ᠵᠠᠶᠢᠯᠠᠰᠬᠢᠪᠠᠯ ᠵᠤᠬᠢᠨ᠎ᠠ᠃ ᠤᠨᠴᠠᠭᠠᠢᠢᠯᠠᠨ ᠪᠠᠺᠲ᠋ᠧᠷᠢ ᠳᠠᠷᠤᠬᠤ ᠡᠮ ᠪᠠ ᠬᠤᠷᠮᠤᠨ ᠤ ᠳᠦᠷᠦᠯ ᠤᠨ ᠡᠮ ᠢ ᠳᠤᠷ᠎ᠠ ᠪᠠᠷ ᠢᠶᠠᠨ ᠤᠤᠭᠤᠵᠤ ᠪᠤᠯᠬᠤ ᠦᠭᠡᠢ᠂ ᠦᠷᠪᠢᠰᠦᠯ ᠢ ᠬᠦᠨᠳᠦᠷᠡᠭᠦᠯᠵᠦ ᠮᠡᠳᠡᠨ᠎ᠠ᠃ 
ᠨᠠᠶᠢᠷᠠᠭᠤᠯᠤᠭᠴᠢ᠄
ᠰᠠᠴᠣᠷᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号