ᠲᠤᠮᠳᠠᠳᠤ ᠤᠯᠤᠰ ᠤᠨ ᠮᠤᠩᠭᠤᠯ ᠭᠡᠯᠡᠨ ᠤ ᠰᠣᠨᠢᠨ ᠮᠡᠳᠡᠭᠡ ᠶᠢᠨ ᠰᠦᠯᠵᠢᠶ᠎ᠡ  ᠲᠠᠭᠤ ᠲᠦᠷᠰᠤ ᠵᠢᠷᠤᠭ ᠰᠤᠨᠢᠨ ᠮᠡᠳᠡᠭᠡ ᠎ ᠶᠢᠨ ᠲᠦᠪ ᠤᠨ 2018 ᠤᠨ ᠤ ᠢᠯᠡ ᠪᠠᠷ ᠠᠵᠢᠯᠳᠠᠨ ᠡᠯᠰᠡᠭᠦ ᠠᠯᠪᠠᠨ ᠵᠠᠷ
2018-07-05 10:10:37
ᠵᠣᠬᠢᠶᠠᠭᠴᠢ᠄ 
ᠣᠩᠰᠢᠭᠰᠠᠨ ᠣᠳᠠᠭ᠎ᠠ᠄ 
★★★☆☆
      ᠵᠠᠭᠤᠴᠢᠯᠠᠭᠤᠷ ᠤᠨ ᠠᠭᠤᠰᠤᠯᠴᠠᠨ ᠭᠦᠭᠵᠢᠭᠦ ᠱᠠᠭᠠᠷᠳᠠᠯᠭ᠎ᠠ ᠶᠢ ᠬᠠᠨᠭ᠍ᠭᠠᠬᠤ ᠶᠢᠨ ᠲᠦᠯᠤᠭᠡ᠂ ᠤᠷᠤᠨ ᠤ ᠲᠤᠳᠤᠨ᠎ᠠ ᠭᠠᠳᠠᠨᠠᠬᠢ ᠶᠡᠭᠡ ᠲᠡᠭᠡᠳᠤ ᠰᠤᠷᠭᠠᠭᠤᠯᠢ ᠶᠢᠨ ᠲᠤᠰ ᠵᠢᠯ ᠲᠡᠭᠦᠰᠭᠦ ᠰᠤᠷᠤᠭᠴᠢᠳ ᠲᠤ ᠬᠠᠨᠳᠤᠭᠤᠯᠵᠤ ᠰᠢᠨ᠎ᠠ ᠵᠠᠭᠤᠴᠢᠯᠠᠭᠤᠷ ᠤᠨ ᠦᠢᠯᠡᠳᠭᠦᠨ ᠦᠢᠯᠡᠳᠦᠭᠴᠢ 15 ᠠᠵᠢᠯᠳᠠᠨ ᠢ ᠢᠯᠡ ᠪᠠᠷ ᠡᠯᠰᠡᠨ᠎ᠠ ︵ᠡᠭᠦᠨ ᠳᠤ ᠮᠤᠩᠭᠤᠯ ᠬᠡᠯᠡᠨ ᠤ ᠰᠢᠨ᠎ᠡ ᠵᠠᠭᠤᠴᠢᠯᠠᠭᠤᠷ ᠤᠨ ᠦᠢᠯᠡᠳᠭᠦᠨ ᠦᠢᠯᠡᠳᠦᠭᠴᠢ 5 ᠠᠵᠢᠯᠳᠠᠨ ᠡᠯᠰᠡᠨ᠎ᠠ︶᠃ ᠤᠷᠢᠨ ᠬᠡᠷᠡᠭᠯᠡᠭᠳᠡᠭᠴᠢ ᠪᠤᠯ ᠬᠡᠷ᠎ᠠ ᠶᠢᠨ ᠲᠦᠷᠢᠮᠳᠤ ᠠᠵᠢᠯᠳᠠᠨ ᠪᠤᠯᠤᠨ᠎ᠠ᠃       ᠨᠢᠭᠡ᠂ ᠠᠵᠢᠯᠳᠠᠨ ᠡᠯᠰᠡᠭᠦ ᠡᠳᠡᠭᠡᠳ᠂ ᠨᠡᠷ᠎ᠠ ᠮᠡᠳᠡᠭᠦᠯᠬᠦ ᠨᠦᠭᠦᠴᠡᠯ      ︵ᠨᠢᠭᠡ︶ ᠠᠵᠢᠯᠳᠠᠨ ᠡᠯᠰᠡᠭᠦ ᠡᠳᠡᠭᠡᠳ      2018 ᠤᠨ ᠤ ᠪᠦᠬᠦ ᠤᠯᠤᠰ ᠤᠨ ᠪᠦᠬᠦᠯᠢ ᠡᠳᠦᠷ ᠤᠨ ᠲᠦᠷᠢᠮᠳᠤ ᠡᠩ ᠤᠨ ᠶᠡᠭᠡ ᠳᠡᠭᠡᠳᠤ ᠰᠤᠷᠭᠠᠭᠤᠯᠢ ᠶᠢᠨ ᠳᠤᠰ ᠵᠢᠯ ᠳᠡᠭᠦᠰᠭᠦ ᠤᠶᠤᠳᠠᠨ᠃      ︵ᠬᠤᠶᠠᠷ︶ ᠨᠡᠷ᠎ᠠ ᠮᠡᠳᠡᠭᠦᠯᠬᠦ ᠨᠦᠭᠦᠴᠡᠯ      1. ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠯᠤᠰ ᠤᠨ ᠬᠠᠷᠢᠶ᠎ᠠ ᠲᠠᠢ︔      2. ᠤᠯᠤᠰ ᠤᠨ ᠦᠨᠳᠦᠰᠦᠨ ᠬᠠᠤᠯᠢ ᠪᠠ ᠬᠠᠤᠯᠢ ᠴᠠᠭᠠᠵᠠ ᠶᠢ ᠵᠢᠷᠤᠮᠯᠠᠭᠰᠠᠨ ᠪᠦᠭᠡᠳ ᠬᠠᠤᠯᠢ ᠠᠴᠠ ᠵᠦᠷᠢᠴᠡᠭᠰᠡᠨ ᠶᠠᠯᠠᠳᠤ ᠠᠵᠢᠯᠯᠠᠭ᠎ᠠ ᠶᠢᠨ ᠳᠡᠮᠳᠡᠭᠯᠡᠯ ᠪᠠᠶᠢᠬᠤ ᠦᠭᠡᠢ︔      3. ᠪᠡᠶ᠎ᠠ ᠮᠠᠬᠠᠪᠤᠳ ᠪᠠ ᠰᠡᠳᠬᠢᠴᠡ ᠶᠢᠨ ᠴᠢᠨᠠᠷ ᠴᠢᠨᠰᠠᠭ᠎ᠠ ᠡᠷᠡᠭᠦᠯ ᠪᠠᠶᠢᠬᠤ︔      4. ᠪᠦᠬᠦᠯᠢ ᠡᠳᠦᠷ ᠤᠨ ᠲᠦᠷᠢᠮᠳᠤ ᠶᠡᠭᠡ ᠳᠡᠭᠡᠳᠤ ᠰᠤᠷᠭᠠᠭᠤᠯᠢ ᠶᠢᠨ ᠢᠨᠲ᠋ᠧᠷ ᠰᠦᠯᠵᠢᠶ᠎ᠠ ᠬᠢᠭᠡᠳ ᠰᠢᠨ᠎ᠠ ᠵᠠᠭᠤᠴᠢᠯᠠᠭᠤᠷ ᠤᠨ ᠳᠤᠰᠬᠠᠢ ᠮᠡᠷᠭᠡᠵᠢᠯ᠂ ᠳᠤᠭᠠᠴᠢᠯᠠᠭᠰᠠᠨ ᠵᠠᠭᠤᠴᠢᠯᠠᠭᠤᠷ ᠤᠨ ᠮᠡᠷᠭᠡᠵᠢᠯ ᠤᠨ ᠳᠤᠰᠬᠠᠢ ᠮᠡᠷᠭᠡᠵᠢᠯ ᠪᠤᠶᠤ ᠳᠤᠭᠠᠴᠢᠯᠠᠭᠰᠠᠨ ᠵᠠᠭᠤᠴᠢᠯᠠᠭᠤᠷ ᠤᠨ ᠤᠷᠠᠯᠢᠭ ᠤᠨ ᠳᠤᠰᠬᠠᠢ ᠮᠡᠷᠭᠡᠵᠢᠯ ᠤᠨ ᠵᠢᠩᠬᠢᠨᠢ ᠠᠩᠬᠢ ᠪᠤᠶᠤ ᠳᠡᠭᠦᠨ ᠠᠴᠠ ᠳᠡᠭᠡᠭᠰᠢᠬᠢ ᠰᠤᠷᠤᠯᠭ᠎ᠠ ᠶᠢᠨ ᠨᠠᠮᠳᠠᠷ ᠲᠠᠢ ᠪᠠᠶᠢᠬᠤ︔      5. ᠮᠤᠩᠭᠤᠯ ᠬᠡᠯᠡᠨ ᠤ ᠰᠢᠨ᠎ᠠ ᠵᠠᠭᠤᠴᠢᠯᠠᠭᠤᠷ ᠤᠨ ᠦᠢᠯᠡᠳᠭᠦᠨ ᠦᠢᠯᠡᠳᠭᠦ ᠠᠵᠢᠯ ᠤᠨ ᠪᠠᠶᠢᠷᠢ ᠶᠢᠨ ᠰᠢᠯᠭᠠᠭᠤᠯᠤᠭᠴᠢ ᠨᠢ ᠮᠤᠩᠭᠤᠯ ᠢᠶᠠᠷ ᠬᠢᠴᠢᠶᠡᠯᠯᠡᠭᠰᠡᠨ ᠪᠠᠶᠢᠬᠤ ᠬᠡᠷᠡᠭᠳᠠᠢ᠃      ᠬᠤᠶᠠᠷ᠂ ᠠᠵᠢᠯᠳᠠᠨ ᠡᠯᠰᠡᠭᠦ ᠳᠡᠰ ᠳᠠᠷᠠᠭᠠᠯᠠᠯ      ᠪᠢᠷ ᠤᠨ ᠰᠢᠯᠭᠠᠯᠳᠠ ᠬᠢᠭᠦ᠂ ᠬᠢᠷᠢ ᠬᠡᠮ ᠢ ᠳᠠᠬᠢᠨ ᠬᠢᠨᠠᠬᠤ᠂ ᠳᠤᠰᠬᠠᠢ ᠮᠡᠷᠭᠡᠵᠢᠯ ᠤᠨ ᠰᠤᠷᠢᠯᠳᠠ ᠬᠢᠭᠦ᠂ ᠬᠢᠨᠠᠨ ᠪᠠᠶᠢᠴᠠᠭᠠᠬᠤ ᠵᠡᠷᠭᠡ ᠠᠷᠭ᠎ᠠ ᠬᠡᠯᠪᠡᠷᠢ ᠪᠠᠷ ᠶᠠᠪᠤᠭᠳᠠᠵᠤ᠂ ᠪᠦᠬᠦ ᠳᠡᠰ ᠳᠠᠷᠠᠭᠠᠯᠠᠯ ᠳᠠᠭᠤᠰᠤᠭᠰᠠᠨ ᠤ ᠳᠠᠷᠠᠭ᠎ᠠ᠂ ᠶᠡᠷᠦᠩᠬᠡᠢ ᠬᠢᠷᠢ ᠪᠦᠳᠦᠮᠵᠢ ᠰᠠᠶᠢᠨ ᠠᠴᠠ ᠨᠢ ᠤᠷᠢᠳᠠᠪᠡᠷ ᠤᠷᠢᠨ ᠬᠡᠷᠡᠭᠯᠡᠨ᠎ᠡ᠃      ᠭᠤᠷᠪᠠ᠂ ᠪᠢᠷ ᠤᠨ ᠰᠢᠯᠭᠠᠯᠳᠠ ᠪᠠ ᠳᠤᠰᠬᠠᠢ ᠮᠡᠷᠭᠡᠵᠢᠯ ᠤᠨ ᠰᠤᠷᠢᠯᠳᠠ      1. ᠳᠤᠰᠬᠠᠢ ᠮᠡᠷᠭᠡᠵᠢᠯ ᠤᠨ ᠬᠢᠴᠢᠶᠡᠯ ᠲᠦᠷᠦᠯ ᠤᠨ ᠪᠢᠷ ᠤᠨ ᠰᠢᠯᠭᠠᠯᠳᠠ ᠪᠠ ᠳᠤᠰᠬᠠᠢ ᠮᠡᠷᠭᠡᠵᠢᠯ ᠤᠨ ᠰᠤᠷᠢᠯᠳᠠ ᠶᠢᠨ ᠬᠡᠯᠪᠡᠷᠢ ᠪᠠᠷ ᠶᠠᠪᠤᠭᠳᠠᠵᠤ᠂ ᠰᠢᠯᠭᠠᠯᠳᠠ ᠪᠦᠷᠢ ᠨᠢ 100 ᠬᠤᠪᠢ᠃      ᠪᠢᠷ ᠤᠨ ᠰᠢᠯᠭᠠᠯᠳᠠ ᠳᠤ᠂ ᠮᠤᠩᠭᠤᠯ ᠬᠡᠯᠡᠨ ᠤ ᠰᠢᠨ᠎ᠠ ᠵᠠᠭᠤᠴᠢᠯᠠᠭᠤᠷ ᠤᠨ ᠦᠢᠯᠡᠳᠭᠦᠨ ᠦᠢᠯᠡᠳᠭᠦ ᠠᠵᠢᠯ ᠤᠨ ᠪᠠᠶᠢᠷᠢ ᠶᠢᠨ ᠰᠢᠯᠭᠠᠭᠤᠯᠤᠭᠴᠢ ᠡᠷᠬᠡᠪᠰᠢ ᠮᠤᠩᠭᠤᠯ ᠬᠡᠯᠡ ᠪᠠᠷ ᠬᠠᠷᠢᠭᠤᠯᠬᠤ ᠬᠡᠷᠡᠭᠳᠠᠢ︔ ᠪᠤᠰᠤᠳ ᠠᠵᠢᠯ ᠤᠨ ᠪᠠᠶᠢᠷᠢ ᠶᠢᠨ ᠰᠢᠯᠭᠠᠭᠤᠯᠤᠭᠴᠢ ᠬᠢᠳᠠᠳ ᠬᠡᠯᠡ ᠪᠠᠷ ᠬᠠᠷᠢᠭᠤᠯᠬᠤ ᠬᠡᠷᠡᠭᠳᠠᠢ᠃      2. ᠰᠢᠯᠭᠠᠯᠳᠠ ᠶᠢᠨ ᠠᠭᠤᠯᠭ᠎ᠠ᠄ ᠳᠤᠰᠬᠠᠢ ᠮᠡᠷᠭᠡᠵᠢᠯ ᠤᠨ ᠬᠢᠴᠢᠶᠡᠯ ᠲᠦᠷᠦᠯ ᠤᠨ ᠪᠢᠷ ᠤᠨ ᠰᠢᠯᠭᠠᠯᠳᠠ ᠶᠢᠨ ᠠᠭᠤᠯᠭ᠎ᠠ ᠨᠢ ᠬᠠᠮᠢᠶ᠎ᠠ ᠪᠦᠬᠦᠢ ᠳᠤᠰᠬᠠᠢ ᠮᠡᠷᠭᠡᠵᠢᠯ ᠤᠨ ᠦᠨᠳᠤᠰᠤᠨ ᠮᠡᠳᠡᠯᠭᠡ ᠵᠢᠴᠢ ᠳᠡᠭᠦᠨ ᠤ ᠬᠡᠷᠡᠭᠯᠡᠭᠡᠨ ᠢ ᠪᠠᠭᠳᠠᠭᠠᠨ᠎ᠠ᠃ ᠳᠤᠰᠬᠠᠢ ᠮᠡᠷᠭᠡᠵᠢᠯ ᠤᠨ ᠰᠤᠷᠢᠯᠳᠠ ᠨᠢ ᠪᠤᠳᠠᠳᠠᠢ ᠦᠢᠯᠡᠳᠦᠯᠭᠡ ᠪᠠᠷ ᠭᠤᠤᠯ ᠪᠤᠯᠭᠠᠵᠤ᠂ ᠰᠢᠯᠭᠠᠭᠤᠯᠤᠭᠴᠢ ᠶᠢᠨ ᠰᠢᠨ᠎ᠠ ᠵᠠᠭᠤᠴᠢᠯᠠᠭᠤᠷ ᠤᠨ ᠦᠢᠯᠡᠳᠭᠦᠨ ᠦᠢᠯᠡᠳᠭᠦ ᠴᠢᠳᠠᠪᠤᠷᠢ ᠶᠢ ᠨᠢ ᠰᠢᠯᠭᠠᠨ᠎ᠠ᠃      3. ᠰᠢᠯᠭᠠᠯᠳᠠ ᠶᠢᠨ ᠶᠡᠷᠦᠩᠬᠡᠢ ᠬᠢᠷᠢ ᠪᠦᠳᠦᠮᠵᠢ ᠶᠢ ᠪᠤᠳᠤᠬᠤ ᠠᠷᠭ᠎ᠠ᠄ ᠳᠤᠰᠬᠠᠢ ᠮᠡᠷᠭᠡᠵᠢᠯ ᠤᠨ ᠬᠢᠴᠢᠶᠡᠯ ᠲᠦᠷᠦᠯ ᠤᠨ ᠪᠢᠷ ᠤᠨ ᠰᠢᠯᠭᠠᠯᠳᠠ᠂ ᠳᠤᠰᠬᠠᠢ ᠮᠡᠷᠭᠡᠵᠢᠯ ᠤᠨ ᠰᠤᠷᠢᠯᠳᠠ ᠶᠢᠨ ᠬᠢᠷᠢ ᠪᠦᠳᠦᠮᠵᠢ ᠶᠢ ᠳᠤᠰᠪᠤᠷᠢ 50%᠎ ᠶᠢᠨ ᠬᠠᠷᠢᠴᠠᠯ ᠢᠶᠠᠷ ᠶᠡᠷᠦᠩᠬᠡᠢ ᠬᠢᠷᠢ ᠪᠦᠳᠦᠮᠵᠢ ᠳᠤ ᠪᠤᠳᠤᠨ ᠤᠷᠤᠭᠤᠯᠤᠨ᠎ᠠ᠂ ᠪᠤᠳᠤᠬᠤ ᠳᠤᠮᠢᠶ᠎ᠠ ᠨᠢ᠄ ᠰᠢᠯᠭᠠᠯᠳᠠ ᠶᠢᠨ ᠶᠡᠷᠦᠩᠬᠡᠢ ᠬᠢᠷᠢ ᠪᠦᠳᠦᠮᠵᠢ = ᠳᠤᠰᠬᠠᠢ ᠮᠡᠷᠭᠡᠵᠢᠯ ᠤᠨ ᠬᠢᠴᠢᠶᠡᠯ ᠲᠦᠷᠦᠯ ᠤᠨ ᠪᠢᠷ ᠤᠨ ᠰᠢᠯᠭᠠᠯᠳᠠ ᠶᠢᠨ ᠬᠢᠷᠢ ᠪᠦᠳᠦᠮᠵᠢ × 50% + ᠳᠤᠰᠬᠠᠢ ᠮᠡᠷᠭᠡᠵᠢᠯ ᠤᠨ ᠰᠤᠷᠢᠯᠳᠠ ᠶᠢᠨ ᠬᠢᠷᠢ ᠪᠦᠳᠦᠮᠵᠢ × 50%᠃      ᠪᠢᠷ ᠤᠨ ᠰᠢᠯᠭᠠᠯᠳᠠ ᠬᠢᠭᠦ᠂ ᠳᠤᠰᠬᠠᠢ ᠮᠡᠷᠭᠡᠵᠢᠯ ᠤᠨ ᠰᠤᠷᠢᠯᠳᠠ ᠬᠢᠭᠦ ᠵᠢᠴᠢ ᠬᠢᠷᠢ ᠪᠦᠳᠦᠮᠵᠢ ᠨᠡᠶᠢᠳᠡᠯᠡᠭᠦ ᠪᠤᠳᠠᠳᠠᠢ ᠴᠠᠭ᠂ ᠭᠠᠵᠠᠷ ᠢ ᠳᠠᠷᠠᠭᠠᠴᠢ ᠪᠠᠷ ᠮᠡᠳᠡᠭᠳᠡᠨ᠎ᠠ᠃ ᠰᠢᠯᠭᠠᠭᠤᠯᠤᠭᠴᠢ ᠦᠪᠦᠷ ᠮᠤᠩᠭᠤᠯ ᠤᠨ ᠰᠤᠨᠢᠨ ᠮᠡᠳᠡᠭᠡ ᠶᠢᠨ ᠰᠦᠯᠵᠢᠶ᠎ᠠ᠂ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠶᠢ ᠴᠠᠭ ᠳᠤᠬᠠᠢ ᠳᠤᠨᠢ ᠠᠩᠬᠠᠷᠴᠦ ᠪᠠᠶᠢᠭᠠᠷᠠᠢ᠃      ᠲᠦᠷᠪᠡ᠂ ᠨᠡᠷ᠎ᠠ ᠮᠡᠳᠡᠭᠦᠯᠬᠦ ᠬᠢᠭᠡᠳ ᠬᠢᠷᠢ ᠬᠡᠮ ᠢ ᠬᠢᠨᠠᠨ ᠪᠠᠶᠢᠴᠠᠭᠠᠬᠤ      1. ᠡᠯᠧᠺᠲᠷᠣᠨ ᠵᠠᠬᠢᠳᠠᠯ ᠤᠨ ᠬᠡᠯᠪᠡᠷᠢ ᠪᠠᠷ ᠨᠡᠷ᠎ᠠ ᠮᠡᠳᠡᠭᠦᠯᠦᠨ᠎ᠡ᠃ ᠰᠢᠯᠭᠠᠭᠤᠯᠤᠭᠴᠢ ᠦᠪᠤᠷ ᠮᠤᠩᠭᠤᠯ ᠤᠨ ᠰᠤᠨᠢᠨ ᠮᠡᠳᠡᠭᠡ ᠶᠢᠨ ᠰᠦᠯᠵᠢᠶ᠎ᠠ ︵http://www.nmgnews.com.cn︶᠂ ᠲᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ ︵http://www.mgyxw.net︶᠎ ᠳᠤ ᠭᠠᠷᠴᠤ ︽ᠠᠵᠢᠯᠳᠠᠨ ᠡᠯᠰᠡᠭᠦ ᠨᠡᠷ᠎ᠠ ᠮᠡᠳᠡᠭᠦᠯᠤᠨ ᠳᠠᠩᠰᠠᠯᠠᠭᠤᠯᠬᠤ ᠬᠦᠰᠦᠨᠦᠭᠳᠤ︾᠎ ᠶᠢ ᠪᠠᠭᠤᠯᠭᠠᠨ ᠠᠪᠴᠦ᠂ ᠦᠨᠡᠨ ᠪᠤᠳᠠᠳᠠᠢ ᠪᠠᠷ ᠳᠠᠭᠯᠠᠬᠤ ᠶᠢᠨ ᠬᠠᠮᠳᠤ ︽ᠳᠠᠩᠰᠠᠯᠠᠭᠤᠯᠬᠤ ᠬᠦᠰᠦᠨᠦᠭᠳᠤ︾ ᠵᠢᠴᠢ ᠳᠤᠰ ᠬᠦᠮᠦᠨ ᠤ ᠤᠢᠢᠷ᠎ᠠ ᠶᠢᠨ ᠬᠤᠭᠤᠴᠠᠭᠠᠨ ᠳᠠᠬᠢ ᠨᠢᠭᠤᠷ ᠳᠠᠯ᠎ᠠ ᠶᠢᠨ ᠮᠠᠯᠠᠭᠠᠢ ᠦᠭᠡᠢ 2 ᠢᠮᠠᠬᠤ ᠶᠢᠨ ᠳᠤᠭᠠᠴᠢᠯᠠᠭᠰᠠᠨ ᠪᠤᠳᠤᠭᠳᠤ ᠰᠡᠭᠦᠳᠡᠷ ︵.jpg ᠵᠠᠭᠪᠤᠷ ᠤᠨ᠂ 20KB᠎ ᠠᠴᠠ ᠪᠠᠭ᠎ᠠ ᠪᠠᠶᠢᠬᠤ︶᠎ ᠢᠶᠠᠨ ᠨᠡᠷ᠎ᠠ ᠮᠡᠳᠡᠭᠦᠯᠦᠭᠰᠡᠨ ᠡᠯᠧᠺᠲᠷᠣᠨ ᠵᠠᠬᠢᠳᠠᠯ ᠤᠨ ᠬᠠᠶᠢᠷᠴᠠᠭ ᠲᠤ ᠶᠠᠪᠤᠯᠤᠭᠠᠷᠠᠢ᠃ ᠰᠢᠯᠭᠠᠭᠤᠯᠤᠭᠴᠢ ᠶᠢᠨ ᠬᠢᠷᠢ ᠬᠡᠮ ᠳᠤ ᠠᠩᠬᠠᠨ ᠤ ᠬᠢᠨᠠᠯᠳᠠ ᠬᠢᠭᠰᠡᠨ ᠤ ᠳᠠᠷᠠᠭᠠᠬᠢ 24 ᠴᠠᠭ ᠤᠨ ᠳᠤᠳᠤᠷ᠎ᠠ ᠵᠠᠬᠢᠳᠠᠯ ᠤᠨ ᠬᠡᠯᠪᠡᠷᠢ ᠪᠠᠷ ᠳᠤᠰ ᠬᠦᠮᠦᠨ ᠳᠤᠨᠢ ᠬᠠᠷᠢᠭᠤᠯᠳᠠ ᠦᠭᠭᠦᠨ᠎ᠡ᠂ ᠰᠢᠯᠭᠠᠭᠤᠯᠤᠭᠴᠢ ᠬᠠᠷᠢᠭᠤ ᠵᠠᠬᠢᠳᠠᠯ ᠢ ᠠᠩᠬᠠᠷᠴᠦ ᠪᠠᠶᠢᠭᠠᠷᠠᠢ᠃ ︽ᠳᠠᠩᠰᠠᠯᠠᠭᠤᠯᠬᠤ ᠬᠦᠰᠦᠨᠦᠭᠳᠤ︾᠎ ᠶᠢ ᠳᠤᠰᠢᠶᠠᠨ ᠬᠢᠨᠡᠨ ᠬᠠᠷᠭᠤᠭᠤᠯᠤᠭᠰᠠᠨ ᠤ ᠳᠠᠷᠠᠭ᠎ᠠ ᠳᠠᠬᠢᠨᠳᠠ ᠬᠠᠯᠠᠨ ᠵᠠᠰᠠᠵᠤ ᠪᠤᠯᠬᠤ ᠦᠭᠡᠢ᠃ ᠠᠩᠬᠠᠨ ᠤ ᠬᠢᠨᠠᠯᠳᠠ ᠶᠢ ᠦᠩᠬᠡᠷᠡᠭᠡᠭᠰᠡᠨ ᠰᠢᠯᠭᠠᠭᠤᠯᠤᠭᠴᠢ᠂ ᠴᠠᠭᠠᠰᠤᠨ ᠳᠤ ᠳᠠᠷᠤᠮᠠᠯᠯᠠᠭᠰᠠᠨ ︽ᠳᠠᠩᠰᠠᠯᠠᠭᠤᠯᠬᠤ ᠬᠦᠰᠦᠨᠦᠭᠳᠤ︾ ᠵᠢᠴᠢ ᠪᠡᠶ᠎ᠠ ᠶᠢᠨ ᠦᠨᠡᠮᠯᠡᠯ᠂ ᠨᠢᠭᠤᠷ ᠳᠠᠯ᠎ᠠ ᠶᠢᠨ ᠮᠠᠯᠠᠭᠠᠢ ᠦᠭᠡᠢ 2 ᠢᠮᠠᠬᠤ ᠶᠢᠨ ᠳᠤᠭᠠᠴᠢᠯᠠᠭᠰᠠᠨ ᠪᠤᠳᠤᠭᠳᠤ ᠰᠡᠭᠦᠳᠡᠷ 1 ᠬᠤᠪᠢ ᠵᠡᠷᠭᠡ ᠶᠢ ᠠᠪᠴᠦ᠂ ᠰᠢᠯᠭᠠᠯᠳᠠ ᠳᠤ ᠤᠷᠤᠬᠤ ᠵᠦᠪᠰᠢᠶᠡᠷᠡᠯ ᠤᠨ ᠦᠨᠡᠮᠯᠡᠯ ᠠᠪᠤᠨ᠎ᠠ᠃ ᠨᠡᠷ᠎ᠠ ᠮᠡᠳᠡᠭᠦᠯᠬᠦ ᠳᠤ ᠬᠡᠷᠡᠭᠯᠡᠭᠰᠡᠨ ᠪᠡᠶ᠎ᠠ ᠶᠢᠨ ᠦᠨᠡᠮᠯᠡᠯ ᠪᠤᠶᠤ ᠫᠠᠰᠫᠤᠷᠲ ᠨᠢ ᠰᠢᠯᠭᠠᠯᠳᠠ ᠳᠤ ᠤᠷᠤᠯᠴᠠᠬᠤ ᠦᠶ᠎ᠠ ᠳᠤ ᠬᠡᠷᠡᠭᠯᠡᠭᠦ ᠦᠨᠡᠮᠯᠡᠯ ᠲᠠᠢ ᠪᠠᠨ ᠠᠳᠠᠯᠢᠬᠠᠨ ᠪᠠᠶᠢᠬᠤ ᠬᠡᠷᠡᠭᠳᠠᠢ᠃ ᠳᠤᠰᠢᠶᠠᠭᠰᠠᠨ ᠮᠠᠲ᠋ᠧᠷᠢᠶᠠᠯ ᠨᠢ ᠬᠠᠭᠤᠷᠮᠠᠭ᠂ ᠤᠨᠤᠪᠴᠢᠳᠠᠢ ᠪᠤᠰᠤ᠂ ᠬᠦᠢᠴᠡᠳ ᠪᠤᠰᠤ ᠵᠡᠷᠭᠡ ᠠᠴᠠ ᠪᠤᠯᠵᠤ ᠨᠡᠷ᠎ᠠ ᠮᠡᠳᠡᠭᠦᠯᠦᠭᠰᠡᠨ᠂ ᠰᠢᠯᠭᠠᠯᠳᠠ ᠳᠤ ᠤᠷᠤᠯᠴᠠᠭᠰᠠᠨ ᠪᠤᠶᠤ ᠡᠯᠰᠡᠭᠳᠡᠭᠰᠡᠳ᠂ ᠬᠠᠷᠢᠭᠤᠴᠠᠯᠭ᠎ᠠ ᠪᠠᠨ ᠦᠪᠡᠷ ᠲᠡᠭᠡᠨ ᠬᠠᠷᠢᠭᠤᠴᠠᠨ᠎ᠠ᠃      ᠪᠢᠷ ᠤᠨ ᠰᠢᠯᠭᠠᠯᠳᠠ ᠳᠠᠭᠤᠰᠤᠭᠰᠠᠨ ᠤ ᠳᠠᠷᠠᠭ᠎ᠠ᠂ ᠰᠢᠯᠭᠠᠭᠤᠯᠤᠭᠴᠢ ᠶᠢᠨ ᠬᠢᠷᠢ ᠪᠦᠳᠦᠮᠵᠢ ᠶᠢ ᠦᠨᠳᠦᠷ ᠠᠴᠠ ᠳᠤᠤᠷ᠎ᠠ ᠬᠤᠪᠢ ᠳᠡᠰᠢ ᠳᠠᠷᠠᠭᠠᠯᠠᠵᠤ᠂ ᠬᠠᠮᠳᠤ ᠳᠤᠨᠢ ᠡᠯ᠎ᠠ ᠠᠵᠢᠯ ᠤᠨ ᠪᠠᠶᠢᠷᠢ ᠶᠢᠨ ᠠᠵᠢᠯᠳᠠᠨ ᠡᠯᠰᠡᠭᠦ ᠬᠦᠮᠦᠨ ᠤ ᠳᠤᠭᠠᠨ ᠤ ᠲᠦᠯᠦᠪᠯᠡᠭᠡ ᠶᠤᠰᠤᠭᠠᠷ 1᠄ 3᠎ ᠶᠢᠨ ᠬᠠᠷᠢᠴᠠᠯ ᠢᠶᠠᠷ ᠬᠢᠷᠢ ᠬᠡᠮ ᠶᠢ ᠳᠠᠬᠢᠨᠳᠠ ᠬᠢᠨᠠᠬᠤ ᠪᠠ ᠳᠤᠰᠬᠠᠢ ᠮᠡᠷᠭᠡᠵᠢᠯ ᠤᠨ ᠰᠤᠷᠢᠯᠳᠠ ᠳᠤ ᠤᠷᠤᠯᠴᠠᠬᠤ ᠬᠦᠮᠦᠰ ᠢ ᠳᠤᠭᠳᠠᠭᠠᠨ᠎ᠠ᠃ ᠳᠤᠰᠬᠠᠢ ᠮᠡᠷᠭᠡᠵᠢᠯ ᠤᠨ ᠰᠤᠷᠢᠯᠳᠠ ᠳᠤ ᠤᠷᠤᠭᠰᠠᠨ ᠬᠦᠮᠦᠰ ᠬᠢᠷᠢ ᠬᠡᠮ ᠢ ᠳᠠᠬᠢᠨᠳᠠ ᠬᠢᠨᠠᠬᠤ ᠦᠶ᠎ᠠ ᠳᠤ 1 — 2 ᠬᠤᠪᠢ ᠬᠦᠮᠦᠨ ᠤ ᠪᠦᠳᠦᠭᠡᠯ ᠢᠶᠠᠨ ᠳᠡᠪᠰᠢᠭᠦᠯᠬᠦ ᠴᠢᠬᠤᠯᠠᠳᠠᠢ᠃      ᠨᠡᠷ᠎ᠠ ᠮᠡᠳᠡᠭᠦᠯᠬᠦ ᠵᠠᠬᠢᠳᠠᠯ ᠤᠨ ᠬᠠᠶᠢᠷᠴᠠᠭ᠄      ᠬᠢᠳᠠᠳ ᠬᠡᠯᠡᠨ ᠤ ᠰᠢᠨ᠎ᠠ ᠵᠠᠭᠤᠴᠢᠯᠠᠭᠤᠷ ᠤᠨ ᠦᠢᠯᠡᠳᠭᠦᠨ ᠦᠢᠯᠡᠳᠭᠦ ᠠᠵᠢᠯ ᠤᠨ ᠪᠠᠶᠢᠷᠢ ᠶᠢ ᠰᠢᠯᠭᠠᠬᠤ ᠨᠢ᠄ nmgrbshxmt@163.com      ᠮᠤᠩᠭᠤᠯ ᠬᠡᠯᠡᠨ ᠤ ᠰᠢᠨ᠎ᠠ ᠵᠠᠭᠤᠴᠢᠯᠠᠭᠤᠷ ᠤᠨ ᠦᠢᠯᠡᠳᠭᠦᠨ ᠦᠢᠯᠡᠳᠭᠦ ᠠᠵᠢᠯ ᠤᠨ ᠪᠠᠶᠢᠷᠢ ᠶᠢ ᠰᠢᠯᠭᠠᠬᠤ ᠨᠢ᠄ nmgrbsmxmt@163.com      ᠨᠡᠷ᠎ᠠ ᠮᠡᠳᠡᠭᠦᠯᠬᠦ ᠴᠠᠭ᠄ 2018 ᠤᠨ ᠤ 7 ᠰᠠᠷ᠎ᠠ ᠶᠢᠨ 5᠎ ᠤ ᠡᠳᠦᠷ ᠠᠴᠠ ᠡᠬᠢᠯᠡᠨ 2018 ᠤᠨ ᠤ 7 ᠰᠠᠷ᠎ᠠ ᠶᠢᠨ 12᠎ ᠤᠨ ᠡᠳᠦᠷ ᠪᠤᠯᠳᠠᠯ᠎ᠠ ︵ᠦᠳᠡ ᠶᠢᠨ ᠡᠮᠦᠨᠡᠭᠢ 9᠄ 00 — ᠦᠳᠡ ᠶᠢᠨ ᠬᠤᠶᠢᠨᠠᠬᠢ 5᠄ 00︶      2. ᠰᠢᠯᠭᠠᠯᠳᠠ ᠳᠤ ᠤᠷᠤᠬᠤ ᠵᠦᠪᠰᠢᠶᠡᠷᠡᠯ ᠤᠨ ᠦᠨᠡᠮᠯᠡᠯ ᠠᠪᠬᠤ᠂ ᠬᠢᠷᠢ ᠬᠡᠮ ᠤᠨ ᠳᠠᠬᠢᠨ ᠬᠢᠨᠠᠯᠳᠠ ᠬᠢᠭᠦ ᠪᠤᠳᠠᠳᠠᠢ ᠴᠠᠭ᠂ ᠭᠠᠵᠠᠷ ᠢ ᠳᠠᠷᠠᠭᠠᠴᠢ ᠪᠠᠷ ᠮᠡᠳᠡᠭᠳᠡᠨ᠎ᠡ᠃ ᠰᠢᠯᠭᠠᠭᠤᠯᠤᠭᠴᠢ ᠦᠪᠦᠷ ᠮᠤᠩᠭᠤᠯ ᠤᠨ ᠰᠤᠨᠢᠨ ᠮᠡᠳᠡᠭᠡ ᠶᠢᠨ ᠰᠦᠯᠵᠢᠶ᠎ᠠ᠂ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠶᠢ ᠴᠠᠭ ᠳᠤᠬᠠᠢ ᠳᠤᠨᠢ ᠠᠩᠬᠠᠷᠴᠦ ᠪᠠᠶᠢᠭᠠᠷᠠᠢ᠃      3. ᠪᠢᠷ ᠤᠨ ᠰᠢᠯᠭᠠᠯᠳᠠ ᠬᠢᠭᠦ ᠬᠠᠷᠢᠴᠠᠯ ︵ᠨᠡᠷ᠎ᠠ  ᠮᠡᠳᠡᠭᠦᠯᠦᠭᠰᠡᠨ ᠬᠦᠮᠦᠨ ᠬᠢᠭᠡᠳ ᠠᠵᠢᠯᠳᠠᠨ ᠡᠯᠰᠡᠭᠦ ᠲᠦᠯᠦᠪᠯᠡᠭᠡᠳᠤ ᠳᠤᠭᠠᠨ ᠤ ᠬᠠᠷᠢᠴᠠᠯ︶᠎ ᠨᠢ 4᠄ 1᠎ ᠠᠴᠠ ᠳᠤᠤᠷ᠎ᠠ ᠪᠠᠶᠢᠵᠤ ᠪᠤᠯᠬᠤ ᠦᠭᠡᠢ᠃ ᠳᠤᠬᠢᠷᠠᠭᠤᠯᠤᠯᠳᠠ ᠬᠢᠭᠰᠡᠨ ᠤ ᠳᠠᠷᠠᠭᠠᠬᠢ ᠠᠵᠢᠯ ᠤᠨ ᠪᠠᠶᠢᠷᠢ ᠶᠢ ᠨᠡᠷ᠎ᠠ ᠮᠡᠳᠡᠭᠦᠯᠵᠤ ᠳᠠᠭᠤᠰᠤᠭᠰᠠᠨ ᠤ ᠳᠠᠷᠠᠭ᠎ᠠ ᠦᠪᠦᠷ ᠮᠤᠩᠭᠤᠯ ᠤᠨ ᠰᠤᠨᠢᠨ ᠮᠡᠳᠡᠭᠡ ᠶᠢᠨ ᠰᠦᠯᠵᠢᠶ᠎ᠠ᠂ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠳᠤ ᠢᠯᠡ ᠪᠠᠷ ᠵᠠᠷᠯᠠᠨ᠎ᠠ᠃      4. ᠢᠯᠡ ᠪᠠᠷ ᠠᠵᠢᠯᠳᠠᠨ ᠡᠯᠰᠡᠭᠦ ᠡᠯ᠎ᠠ ᠵᠦᠢᠯ ᠤᠨ ᠭᠤᠭᠴᠤᠭ᠎ᠠ ᠳᠤ ᠬᠦᠮᠦᠨ ᠤ ᠳᠤᠭ᠎ᠠ ᠲᠤᠲᠠᠭᠳᠠᠬᠤ ᠳᠤ ᠬᠦᠷᠪᠡᠯ ᠳᠡᠰ ᠳᠠᠷᠠᠭᠠᠯᠠᠯ ᠢ ᠨᠢ ᠦᠨᠳᠦᠰᠦᠯᠡᠨ ᠨᠦᠭᠦᠪᠦᠷᠢᠯᠡᠨ᠎ᠡ᠃      ᠳᠠᠪᠤ᠂ ᠠᠰᠠᠭᠤᠨ ᠯᠠᠪᠯᠠᠭ᠎ᠠ ᠬᠢᠭᠦ ᠤᠳᠠᠰᠤ      ᠦᠪᠦᠷ ᠮᠤᠩᠭᠤᠯ ᠤᠨ ᠰᠤᠨᠢᠨ ᠤ ᠬᠤᠷᠢᠶ᠎ᠠ ᠶᠢᠨ ᠬᠦᠮᠦᠨ ᠤ ᠬᠦᠴᠦᠨ ᠤ ᠡᠬᠢ ᠪᠠᠶᠠᠯᠢᠭ ᠤᠨ ᠬᠡᠯᠳᠡᠰ᠄ 0471 — 6635493᠂ 6635441᠂ 6635495      ᠵᠢᠷᠭᠤᠭ᠎ᠠ᠂ ᠬᠢᠨᠠᠯᠳᠠ ᠳᠠᠯᠪᠢᠬᠤ ᠤᠳᠠᠰᠤ᠄ ᠦᠪᠦᠷ ᠮᠤᠩᠭᠤᠯ ᠤᠨ ᠰᠤᠨᠢᠨ ᠤ ᠬᠤᠷᠢᠶ᠎ᠠ ᠶᠢᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ 0471 — 6635323                              ᠦᠪᠤᠷ ᠮᠤᠩᠭᠤᠯ ᠤᠨ ᠡᠳᠤᠷ ᠤᠨ ᠰᠤᠨᠢᠨ ᠤ ᠬᠤᠷᠢᠶ᠎ᠠ                               2018 ᠤᠨ ᠤ 7 ᠰᠠᠷ᠎ᠠ ᠶᠢᠨ 5᠎ ᠤ ᠡᠳᠤᠷ      ︽ᠠᠵᠢᠯᠳᠠᠨ ᠡᠯᠰᠡᠭᠦ ᠨᠡᠷ᠎ᠠ ᠮᠡᠳᠡᠭᠦᠯᠤᠨ ᠳᠠᠩᠰᠠᠯᠠᠭᠤᠯᠬᠤ ᠬᠦᠰᠦᠨᠦᠭᠳᠤ︾

ᠨᠠᠶᠢᠷᠠᠭᠤᠯᠤᠭᠴᠢ᠄
ᠪᠤᠶᠠᠨ᠋ᠦ᠌ᠨᠳᠦᠰᠦ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号